ᠨᠡᠪᠲᠡᠷᠡᠨ ᠤᠷᠤᠬᠤ
ᠪᠣᠷᠤᠭᠤ ᠡᠰᠢᠯᠡᠭ᠍ᠰᠡᠨ ᠰᠥᠭᠡ

         0

ᠳᠠᠯ᠎ᠠ ᠪᠠᠷ ᠳᠠᠪᠭᠢᠬᠤ ᠠᠳᠤᠭᠤᠳ ᠤᠨ

ᠳᠤᠭᠤᠷᠠᠢ ᠶᠢᠨ ᠳᠤᠭᠤᠰᠤ ᠵᠠᠩᠭᠢᠷᠠᠵᠤ

ᠳᠡᠭᠡᠳᠦᠰ ᠡᠴᠡ ᠥᠪᠯᠡᠭ᠍ᠰᠡᠨ ᠢᠵᠠᠭᠤᠷ ᠰᠤᠶᠤᠯ

ᠳᠡᠭ᠍ᠷᠢ ᠶᠢᠨ ᠳᠠᠯ᠎ᠠ ᠲᠡᠶ ᠪᠠᠨ ᠵᠡᠭᠦᠳᠦᠯᠡᠭ᠍ᠳᠡᠨ᠎ᠡ

         1

ᠳᠤᠷᠠᠮᠠᠯ ᠬᠤᠨᠢᠨ ᠤ ᠡᠪᠴᠢᠭᠦᠤ

ᠳᠠᠷᠳᠠᠭᠰᠠᠨ ᠭᠦᠮᠤᠨ ᠤ ᠣᠬᠠᠭ᠎ᠠ

ᠲᠦᠯᠭᠢᠵᠤ ᠴᠢᠳᠠᠬᠤ ᠦᠭᠡᠶ ᠣᠰᠤᠯ

ᠳᠠᠴᠢᠷᠳᠠᠭᠰᠠᠨ ᠳᠠᠯ᠎ᠠ ᠶᠢᠨ ᠳᠡᠨᠦᠭᠦᠯ ᠰᠦᠨᠠᠰᠤ

         2

ᠨᠠᠷᠠᠨ ᠤ ᠪᠣᠮᠠᠨ ᠰᠠᠴᠤᠷᠠᠭ ᠤᠳ

ᠮᠠᠨᠠᠷᠠᠬᠤ ᠳᠤᠭᠤᠰᠤᠨ ᠳᠤ ᠬᠠᠯᠬᠠᠯᠠᠭᠳᠠᠨ᠎ᠠ

ᠨᠠᠮ ᠤᠨ ᠳᠦᠷᠤ ᠶᠢᠨ ᠪᠣᠳᠤᠯᠭ᠎ᠠ ᠤᠳ

ᠮᠠᠩᠬᠤ ᠨᠤᠶᠠᠤᠨ ᠲᠤ ᠬᠠᠰᠢᠭᠳᠠᠨ᠎ᠠ

         3

ᠬᠠᠢ᠌ᠯᠠᠰᠤ ᠬᠤᠰᠤᠨ ᠣᠢ ᠪᠠᠨ

ᠬᠠᠷ᠎ᠠ ᠡᠯᠡᠰᠤ ᠪᠠᠷ ᠠᠷᠠᠯᠵᠢᠭᠰᠠᠨ ᠡᠴᠡ

ᠬᠠᠷᠢᠭᠤᠯᠵᠤ ᠳᠠᠰᠤᠭᠰᠠᠨ ᠰᠦᠷᠦᠭ᠌ ᠶᠢᠡᠨ

ᠬᠠᠰᠢᠶᠠᠨ ᠤ ᠮᠤᠬᠤᠷ ᠰᠠᠭᠢᠭᠤᠯᠪᠠ

         4

ᠢᠯᠠᠭᠳᠠᠯ ᠤᠨ ᠭᠦᠷᠦᠰᠤᠨ ᠳᠤ

ᠢᠯᠠᠯᠳᠠ ᠶᠢᠨ ᠴᠡᠴᠡᠭ᠌ ᠮᠦᠰᠢᠶᠠᠵᠤ ᠮᠠᠳᠠᠨ᠎ᠠ

ᠢᠯᠠᠯᠳᠠ ᠶᠢᠨ ᠴᠡᠴᠡᠭ᠌

ᠢᠯᠠᠭᠳᠠᠯ ᠤᠨ ᠭᠢᠷᠠᠭᠤ ᠳᠤ ᠴᠤᠭᠢᠭᠳᠠᠵᠤ ᠴᠤ ᠮᠠᠳᠠᠨ᠎ᠠ

         5

ᠭᠦᠭ᠍ᠵᠢᠮ ᠦᠭᠡᠶ ᠳᠠᠭᠤᠤ ᠴᠤᠯᠭᠤᠢ

ᠭᠦᠪᠰᠦᠭᠡᠷ ᠭᠦᠮᠤᠨ ᠤ ᠠᠮᠠ ᠴᠠᠯᠠᠭᠠᠢ

ᠬᠤᠯᠠᠭᠠᠢ᠌ᠴᠢ ᠭᠦᠮᠤᠨ ᠤ ᠣᠢ᠌ᠯᠠ ᠰᠤᠯᠢᠭᠠᠢ

ᠬᠤᠶᠠᠯᠢᠴᠢ ᠭᠦᠮᠤᠨ ᠤ ᠵᠠᠩ ᠵᠠᠯᠢᠬᠠᠢ

         6

ᠭᠠᠴᠠᠭᠠᠨ ᠳᠠᠷᠤᠭ᠎ᠠ ᠪᠣᠯᠬᠤ ᠭᠡᠵᠤ

ᠭᠤᠴᠢᠨ ᠬᠤᠨᠢ ᠪᠠᠷ ᠳᠠᠷᠤᠨ᠎ᠠ

ᠭᠠᠭᠴᠠᠬᠠᠨ ᠪᠧᠯᠸᠲ᠋ ᠴᠤ ᠣᠯᠤᠶ᠎ᠠ ᠭᠡᠳ

ᠭᠤᠳᠤᠯ ᠶᠢᠡᠨ ᠴᠤᠭᠤᠷᠠᠳᠠᠯ᠎ᠠ ᠭᠦᠶ‍ᠦᠨ᠎ᠡ

         7

ᠵᠠᠯᠠᠭ᠎ᠠ ᠲᠡᠶ ᠨᠤᠬᠠᠢ

ᠵᠠᠭᠤᠳᠠᠭ ᠦᠭᠡᠶ

ᠵᠢᠰᠦᠯᠢᠭ᠌ ᠦᠬᠢᠳ

ᠵᠤᠪᠠᠳᠠᠭ ᠦᠭᠡᠶ

         8

ᠭᠢᠵᠤ ᠴᠢᠳᠠᠬᠤ ᠨᠢ ᠵᠠᠷᠤᠴᠠ ᠪᠢᠰᠢ ᠴᠤ

ᠭᠡᠯᠡᠵᠤ ᠴᠤ ᠪᠣᠯᠬᠤ ᠦᠭᠡᠶ

ᠭᠡᠯᠡᠵᠤ ᠴᠢᠳᠠᠬᠤ ᠨᠢ ᠨᠤᠶᠠᠨ ᠪᠢᠰᠢ ᠴᠤ

ᠭᠢᠭᠦ ᠭᠡᠷᠡᠭ᠌ ᠦᠭᠡᠶ

         9

ᠮᠤᠩᠭ᠋ᠤᠯ ᠨᠤᠶᠠᠨ ᠭᠢᠳᠠᠤᠨ ᠶᠢᠡᠷ ᠶᠠᠷᠢᠶ᠎ᠠ ᠳᠠᠯᠪᠢᠨ᠎ᠠ

ᠭᠢᠳᠠᠤᠨ ᠨᠤᠶᠠᠨ ᠠᠩᠭ᠍ᠯᠢ ᠪᠠᠷ ᠢᠯᠡᠳᠭᠡᠯ ᠭᠢᠨ᠎ᠠ

ᠠᠩᠭ᠍ᠯᠢ ᠨᠤᠶᠠᠨ ᠶᠠᠮᠠᠷ ᠥᠭᠡ ᠪᠠᠷ ᠶᠠᠷᠢᠳᠠᠭ ᠪᠣᠯ︖

         10

ᠠᠳᠤᠭᠤ ᠦᠭᠡᠶ ᠭᠠᠵᠠᠷ ᠡᠯᠵᠢᠭᠡ ᠡᠭᠡᠭᠯᠡᠨ᠎ᠡ

ᠳᠡᠮᠡᠭᠡ ᠦᠭᠡᠶ ᠭᠠᠵᠠᠷ ᠭᠠᠬᠠᠢ ᠴᠢᠷᠯᠠᠨ᠎ᠠ

ᠭᠠᠯᠠᠭᠤ ᠦᠭᠡᠶ ᠭᠠᠵᠠᠷ ᠭᠡᠷᠢᠶ᠎ᠡ ᠪᠠᠰᠠ ᠴᠠᠭᠠᠨ

         11

ᠳᠡᠩᠴᠡᠭᠦᠤ ᠳᠡᠮᠳᠡᠭ᠌ ᠤᠨ ᠨᠠᠭᠠᠨ᠎ᠠ ᠴᠠᠭᠠᠨ᠎ᠠ

ᠡᠷᠭᠡ ᠵᠤᠭᠤᠰ ᠳᠠᠮᠠᠴᠠᠯᠳᠤᠨ᠎ᠠ

ᠳᠡᠩᠨᠡᠭᠦᠷ ᠬᠠᠪᠳᠠᠰᠤᠨ ᠤ ᠬᠤᠶᠠᠷ ᠥᠵᠦᠭᠦᠷ

ᠴᠢᠨᠠᠷ ᠮᠦᠰᠤ ᠣᠷᠭᠢᠭᠳᠠᠨ᠎ᠠ

         12

ᠳᠠᠯ᠎ᠠ ᠡᠴᠡ ᠪᠣᠰᠤᠭᠰᠠᠨ ᠳᠤᠭᠤᠰᠤ

ᠳᠠᠯ᠎ᠠ ᠪᠠᠨ ᠪᠦᠷᠭᠦᠵᠤ ᠢᠷᠠᠨ᠎ᠠ

ᠮᠠᠯ ᠡᠴᠡ ᠪᠠᠨ ᠵᠠᠢ᠌ᠳᠠᠭᠰᠠᠨ ᠮᠠᠨᠠᠢ᠌ᠭᠢᠳ

ᠮᠢᠬ᠎ᠠ ᠶᠢ ᠵᠠᠬ᠎ᠠ ᠡᠴᠡ ᠬᠤᠳᠠᠯᠳᠤᠨ ᠠᠪᠣᠨ᠎ᠠ

         13

ᠴᠠᠭ ᠨᠢ ᠳᠤᠯᠪᠠᠯ ᠴᠢᠪᠠᠭ᠎ᠠ ᠣᠯᠠᠢ᠌ᠬᠤ

ᠴᠢᠯᠠᠭᠤ ᠰᠢᠳᠠᠮ᠎ᠠ ᠵᠠᠢ

ᠴᠠᠭᠢᠭᠤᠷ ᠭᠡᠳᠡ ᠬᠠᠪᠢᠷᠪᠠᠯ ᠨᠤᠴᠤᠬᠤ

ᠴᠢᠩᠭ᠋᠎ᠠ ᠬᠠᠳᠠᠭᠤ ᠬᠠᠤᠯᠢ ᠳᠦᠷᠢᠮ

         14

ᠰᠢᠯ ᠳ᠋ᠸᠩ ᠳᠤ ᠬᠤᠷᠭᠤᠳᠠᠭᠰᠠᠨ ᠢᠳᠤᠭᠠᠨ ᠡᠷᠪᠠᠭᠡᠢ ᠰᠢᠭ᠌

ᠰᠢᠷᠡᠭᠡ ᠳᠤᠭᠤᠷᠢᠵᠤ ᠪᠦᠮᠪᠦᠯᠵᠡᠭ᠍ᠰᠡᠨ ᠪᠢᠯᠳᠠᠤᠴᠢ ᠴᠤᠬᠤᠷ ᠴᠢᠷᠠᠢ

ᠪᠠᠷᠠᠭᠠᠨ ᠳ᠋ᠸᠩ ᠤᠨ ᠰᠡᠭᠦᠳᠡᠷ ᠠᠮᠵᠢᠵᠤ ᠳᠤᠭᠳᠠᠭᠰᠠᠨ

ᠪᠠᠩᠵᠠᠯ ᠳᠠᠭᠠᠵᠤ ᠡᠷᠭᠢᠯᠳᠦᠭ᠍ᠰᠡᠨ ᠦᠯᠦᠨ ᠴᠠᠭᠠᠨ ᠨᠢᠳᠤᠳ

         15

ᠠᠭᠤᠯᠵᠠᠬᠤ ᠪᠣᠯᠭᠠᠨ ᠳᠤᠳᠠᠳᠠᠭ ᠦᠭᠡᠶ

ᠳᠠᠯ᠎ᠠ ᠨᠤᠳᠤᠭ ᠤᠨ ᠬᠠᠷ᠎ᠠ

ᠠᠷᠢᠭᠢᠳᠠᠬᠤ ᠪᠦᠷᠢ ᠳᠠᠰᠤᠷᠠᠳᠠᠭ ᠦᠭᠡᠶ

ᠪᠢ ᠮᠤᠩᠭ᠋ᠤᠯ ᠭᠦᠮᠤᠨ

         16

ᠥᠭᠡᠳᠡ ᠲᠡᠶ ᠣᠷᠤᠭᠤ ᠲᠡᠶ ᠨᠢ ᠠᠮᠢᠳᠤᠷᠠᠯ

ᠳᠤᠷ᠎ᠠ ᠲᠡᠶ ᠰᠢᠷ᠎ᠠ ᠲᠡᠶ ᠨᠢ ᠭᠦᠭᠡᠭᠡᠴᠡᠯᠳᠦᠯ

ᠡᠳᠦᠷ ᠲᠡᠶ ᠰᠦᠨᠢ ᠲᠡᠶ ᠨᠢ ᠶ‍ᠢᠷᠳᠢᠠᠴᠤ

ᠠᠰᠬᠠᠨ ᠲᠡᠶ ᠮᠤᠷᠤᠢ ᠲᠡᠶ ᠨᠢ ᠵᠠᠮ


ᠵᠤᠬᠢᠶᠠᠭᠴᠢ ᠶᠢᠨ ᠬᠠ‍‌ᠶᠢᠭ ᠄ ᠲᠦᠰᠢᠶᠠᠳᠤ ᠬᠤᠰᠢᠭᠤᠨ ᠤ ᠭᠦᠡᠳᠡᠯᠡᠨ ᠰᠤᠷᠭᠠᠭᠤᠯᠢ

ᠵᠤᠬᠢᠶᠠᠭᠴᠢ᠄ ᠡ᠊·ᠳᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2636
ᠴᠠᠭ᠄ 2011 ᠤᠨ ᠤ 04 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ