ᠨᠡᠪᠲᠡᠷᠡᠨ ᠤᠷᠤᠬᠤ
ᠵᠡᠭᠦᠳᠤᠨ ᠳᠤ ᠣᠶᠠᠭᠠᠳᠠᠢ ᠨᠤᠳᠤᠭ ᠮᠢᠨᠢ
(ᠳᠠᠭᠤᠤ ᠶᠢᠨ ᠥᠭᠡ)

ᠭᠦᠭᠡ ᠴᠡᠩᠭᠡᠷ ᠣᠭᠳᠠᠷᠭᠤᠢ ᠨᠢ

ᠡᠭᠦᠯᠡ ᠦᠭᠡᠶ ᠴᠡᠯᠮᠡᠭ᠍ᠰᠢᠨ᠎ᠡ᠂

ᠭᠦᠭᠡᠮᠳᠦᠭ᠌ ᠨᠤᠭᠤᠭᠠᠨ ᠳᠠᠯ᠎ᠠ ᠨᠢ

ᠭᠦᠳᠡᠩ ᠦᠭᠡᠶ ᠳᠤᠩᠭ᠋ᠠᠯᠠᠭᠰᠢᠨ᠎ᠠ

ᠡᠨ᠂ ᠮᠢᠨᠤ ᠬᠠᠢ᠌ᠷᠠᠳᠤ ᠭᠦᠳᠡᠭᠡ

ᠶᠠᠮᠠᠷ ᠰᠠᠢ᠌ᠬᠠᠨ ᠨᠤᠳᠤᠭ ᠪᠣᠢ ⁉

ᠮᠠᠩᠨᠤᠭ ᠳᠤᠷᠭᠠᠨ ᠭᠦᠷᠦᠰᠤ ᠨᠢ

ᠮᠠᠠᠴᠣᠢ᠌ᠯᠠᠵᠤ ᠨᠠᠮᠢ᠋ᠢ ᠪᠠᠨ ᠥᠰᠭᠡᠭ᠍ᠰᠡᠨ ᠡ︕


ᠲ᠋ᠠᠨᠠᠨ ᠴᠠᠭᠠᠨ ᠥᠷᠦᠭᠡ ᠨᠢ

ᠲ᠋ᠠᠯ᠎ᠠ ᠶᠢᠨ ᠳᠠᠠᠵᠢᠨ ᠳᠤ ᠴᠠᠢ᠌ᠯᠵᠠᠨ᠎ᠠ

ᠲ᠋ᠠᠪᠤᠨ ᠬᠤᠰᠢᠭᠤ ᠮᠠᠯ ᠨᠢ

ᠲ᠋ᠠᠩᠰᠤᠭ ᠪᠠᠯᠴᠢᠭᠡᠷ ᠲᠤ ᠢᠳᠠᠰᠢᠯᠠᠨ᠎ᠠ ᠂

ᠡᠨ᠂ ᠮᠢᠨᠤ ᠬᠠᠢ᠌ᠷᠠᠳᠤ ᠭᠦᠳᠡᠭᠡ

ᠶᠠᠮᠠᠷ ᠰᠠᠢ᠌ᠬᠠᠨ ᠨᠤᠳᠤᠭ ᠪᠣᠢ ⁉

ᠪᠠᠶᠠᠨ ᠪᠠᠢ᠌ᠭᠠᠯᠢ ᠶᠢᠨ ᠦᠷᠦᠴᠠᠨ ᠳ᠋ᠤᠨᠢ

ᠪᠣᠢ᠌ᠵᠢᠵᠤ ᠪᠢ ᠳᠤᠷᠨᠢᠭᠰᠠᠨ ᠡ︕


ᠠᠰᠬ᠎ᠠ ᠦᠨᠳᠦᠷ ᠠᠭᠤᠯᠠᠰ ᠨᠢ

ᠠᠪᠣ ᠶᠢᠨ ᠰᠦᠷ ᠰᠢᠭ᠌ ᠬᠠᠷᠠᠭᠳᠠᠨ᠎ᠠ᠂

ᠠᠷᠢᠭᠤᠨ ᠣᠷᠤᠰᠬᠠᠯᠳᠤ ᠭᠤᠤᠯ ᠤᠳ ᠨᠢ

ᠡᠵᠢ ᠶᠢᠨ ᠰᠥ᠋ ᠰᠢᠭ᠌ ᠰᠠᠨᠠᠭᠳᠠᠨ᠎ᠠ᠂

ᠡᠨ᠂ ᠮᠢᠨᠤ ᠬᠠᠢ᠌ᠷᠠᠳᠤ ᠭᠦᠳᠡᠭᠡ

ᠶᠠᠮᠠᠷ ᠰᠠᠢ᠌ᠬᠠᠨ ᠨᠤᠳᠤᠭ ᠪᠣᠢ ⁉

ᠵᠡᠭᠦᠳᠤᠨ ᠳᠤ ᠭᠡᠵᠢᠶᠡᠳᠡ ᠣᠶᠠᠭᠠᠳᠠᠢ

ᠵᠢᠷᠦᠭᠡ ᠶᠢ ᠠᠷᠭᠠᠮᠵᠢᠭᠰᠠᠨ ᠣᠷᠤᠨ ᠳ᠋ᠠ︕

ᠵᠤᠬᠢᠶᠠᠭᠴᠢ᠄ ᠳ᠋ᠦ᠋ᠩ ᠴᠢᠩ
ᠢᠷᠡᠯᠲᠡ᠄ ᠵᠤᠬᠢᠶᠠᠭᠴᠢ ᠡᠴᠡ ᠬᠠᠩᠭ᠋ᠠᠪᠠ
ᠬᠠᠷᠢᠶ᠎ᠠ᠄ ᠰᠢᠯᠦᠭ
ᠳᠠᠷᠤᠮ᠄ 3857
ᠴᠠᠭ᠄ 2005 ᠤᠨ ᠤ 06 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ