ᠨᠡᠪᠲᠡᠷᠡᠨ ᠤᠷᠤᠬᠤ
ᠬᠠᠨᠢ ᠮᠢᠨᠢ᠂ ᠴᠢ ᠬᠠᠮᠢᠭ᠎ᠠ ᠪᠠᠢ᠌ᠨ᠎ᠠ

ᠪᠣᠷᠬᠠᠨ ᠡᠴᠡ ᠵᠠᠶᠠᠭᠠᠭᠰᠠᠨ

ᠬᠠᠨᠢ ᠪᠠᠨ ᠣᠯᠬᠤ ᠶᠤᠮ ᠭᠡᠵᠤ

ᠪᠣᠳᠤᠨ ᠰᠠᠨᠠᠨ ᠭᠦᠯᠢᠶᠡᠯ᠎ᠡ᠂

ᠪᠣᠭᠤᠷᠤᠯ ᠪᠣᠯᠳᠠᠯ᠎ᠠ ᠪᠠᠨ

ᠬᠠᠮᠳᠤ ᠵᠢᠷᠭᠠᠵᠤ

ᠪᠣᠴᠠᠭᠠᠤᠨ

ᠳᠩᠷᠢ ᠳᠤ ᠪᠠᠰᠠ ᠬᠤᠤᠰᠯᠠᠬᠤ ᠭᠡᠵᠤ

ᠳᠡᠩᠳᠡᠭᠦᠤ ᠢᠨᠠᠭ ᠳᠠᠰᠬᠤ ᠭᠡᠵᠤ

ᠳᠠᠷ᠎ᠠ ᠶᠢᠨ ᠶᠢᠡᠨ ᠵᠠᠢ ᠳᠤ ᠠᠭᠤᠰᠬᠤ ᠭᠡᠵᠤ

ᠳᠠᠩᠴᠤ᠂ ᠣᠳᠠᠭᠠᠨ ᠭᠦᠯᠢᠶᠡᠯ᠎ᠡ

ᠬᠠᠨᠢ ᠮᠢᠨᠢ᠂ ᠴᠢ

ᠬᠠᠮᠢᠭ᠎ᠠ ᠨᠢ ᠪᠠᠢ᠌ᠨ᠎ᠠ


ᠠᠷᠭ᠎ᠠ ᠦᠭᠡᠶ ᠰᠠᠢ᠌ᠬᠠᠨ

ᠠᠮᠠᠷᠠᠭ ᠲᠡᠶ ᠪᠣᠯᠬᠤ ᠶᠤᠮ ᠭᠡᠵᠤ

ᠥᠭᠡᠢ᠌ᠯᠡᠨ ᠰᠠᠨᠠᠨ ᠭᠦᠯᠢᠶᠡᠯ᠎ᠡ᠂

ᠥᠯᠢᠭᠡᠷ ᠲ᠋ᠤ ᠭᠠᠷᠤᠮ᠎ᠠ ᠦᠭᠡᠶ ᠬᠤᠤᠰᠯᠠᠨ

ᠦᠳᠡᠯᠳᠠᠯ᠎ᠠ ᠪᠠᠨ ᠵᠢᠷᠭᠠᠬᠤ ᠭᠡᠵᠤ

ᠦᠶ᠎ᠡ ᠶᠢᠨ ᠵᠠᠯᠠᠭᠤᠰ ᠢ ᠱᠠᠭᠰᠢᠳᠠᠯ᠎ᠠ

ᠥᠶᠡᠷᠭᠡᠨ ᠳᠠᠰᠬᠤ ᠭᠡᠵᠤ

ᠦᠷ᠎ᠡ ᠠᠴᠢ ᠪᠠᠨ ᠪᠠᠶᠠᠰᠳᠠᠯ᠎ᠠ

ᠦᠨᠳᠦᠷ ᠨᠠᠰᠤᠯᠠᠬᠤ ᠭᠡᠵᠤ

ᠥᠨᠡᠭᠡᠷ ᠴᠤ᠂ ᠣᠳᠠᠭᠠᠨ ᠭᠦᠯᠢᠶᠡᠯ᠎ᠡ

ᠠᠮᠠᠷᠠᠭ ᠮᠢᠨᠢ᠂ ᠴᠢ

ᠬᠠᠮᠢᠭ᠎ᠠ ᠨᠢ ᠪᠠᠢ᠌ᠨ᠎ᠠ᠃

          2010.8.1


ᠵᠤᠬᠢᠶᠠᠭᠴᠢ ᠶᠢᠨ ᠬᠠ‍‌ᠶᠢᠭ ᠄ ᠰᠢᠯᠢ ᠶᠢᠨ ᠭᠤᠤᠯ ᠠᠢ᠌ᠮᠠᠭ ᠤᠨ ᠰᠢᠯᠤᠭᠤᠨ ᠭᠦᠭᠡ ᠬᠤᠰᠢᠭᠤ

ᠵᠤᠬᠢᠶᠠᠭᠴᠢ᠄ ᠵᠢᠯᠠᠮ·ᠮᠠᠠᠳᠤᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2635
ᠴᠠᠭ᠄ 2011 ᠤᠨ ᠤ 01 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ