ᠨᠡᠪᠲᠡᠷᠡᠨ ᠤᠷᠤᠬᠤ
ᠳᠤᠷᠠᠯᠠᠯ ᠤᠨ ᠳᠤᠠᠳᠠᠭᠤᠷ ᠪᠠᠳᠠᠭ
ᠭᠦᠳᠦᠯᠦᠭᠡ ᠨᠢᠭᠡ

ᠮᠢᠨᠤᠭᠢ ᠳᠤᠠᠳᠠᠭᠤᠷ᠂ ᠴᠢᠨᠤᠭᠢ ᠳᠦᠭᠦᠷᠡᠩ ᠪᠣᠯᠬᠤ ᠭᠡᠵᠤ ᠁

ᠬᠠᠷᠠᠭᠠᠨ ᠳᠤ ᠴᠢᠨᠢ

ᠬᠠᠭᠠᠨ ᠪᠣᠯᠬᠤ ᠭᠡᠵᠤ

ᠪᠢ ᠪᠠᠶ᠎ᠠ ᠪᠠᠨ ᠭᠤᠯᠤᠪᠠ᠂

ᠵᠠᠶᠠᠭᠠᠨ ᠳᠤ ᠴᠢᠨᠢ

ᠵᠠᠭᠠᠨ ᠪᠣᠯᠭᠠᠬᠤ ᠭᠡᠵᠤ

ᠪᠢᠷ ᠨᠠᠮᠢ᠋ᠢ ᠭᠤᠶᠤᠪᠠ᠂

ᠵᠢᠷᠦᠭᠡᠨ ᠳᠤ ᠴᠢᠨᠢ

ᠵᠣᠢ᠌ᠳᠠᠯ ᠪᠣᠯᠬᠤ ᠭᠡᠵᠤ

ᠳᠤᠷᠠᠯᠠᠯ ᠳᠠᠭᠤ ᠲᠡᠶ ᠮᠦᠰᠢᠶᠠᠪᠠ᠂

ᠵᠡᠭᠦᠳᠤᠨ ᠳᠤ ᠴᠢᠨᠢ

ᠭᠤᠶᠤᠳᠠᠯ ᠪᠣᠯᠬᠤ ᠭᠡᠵᠤ

ᠰᠦᠨᠢ ᠭᠡᠭᠡᠷᠡᠳᠡᠯ᠎ᠡ ᠳᠠᠨᠤᠪᠠ᠂

ᠡᠷᠢᠯ ᠳᠤ ᠴᠢᠨᠢ

ᠡᠵᠡᠨ ᠪᠣᠯᠬᠤ ᠭᠡᠵᠤ

ᠵᠠᠮ ᠨᠠᠳᠠ ᠲᠡᠶ ᠵᠤᠯᠭᠠᠪᠠ᠂

ᠰᠠᠷᠠᠯ ᠳᠤ ᠴᠢᠨᠢ

ᠰᠡᠳᠭᠢᠯ ᠪᠣᠯᠬᠤ ᠭᠡᠵᠤ

ᠰᠢᠯᠦᠭ᠌ ᠴᠢᠮ᠎ᠠ ᠲᠡᠶ ᠵᠤᠭᠤᠭᠳᠠᠪᠠ᠃


ᠴᠢᠮ᠎ᠠ ᠣᠷᠤᠭᠤ ᠨᠡᠭᠦᠨ᠎ᠡ


ᠵᠠᠳᠠ ᠡᠷᠭᠢᠭ᠍ᠰᠡᠨ ᠴᠠᠭ ᠤᠨ ᠬᠣᠢ᠌ᠨ᠎ᠠ ᠡᠴᠡ

ᠵᠠᠭᠠᠮ᠎ᠠ ᠪᠠᠨ ᠰᠤᠯᠠᠯᠯᠠᠭᠠᠤᠨ ᠳᠡᠷᠪᠠᠭᠦ ᠥᠭᠡᠢ

ᠵᠠᠶᠠᠭ᠎ᠠ ᠳᠦᠰᠢᠭ᠍ᠰᠡᠨ ᠴᠢᠨᠤ ᠡᠮᠦᠨ᠎ᠡ ᠡᠴᠡ

ᠵᠠᠭᠢᠳᠠᠯ ᠶᠢᠡᠨ ᠡᠪᠦᠷᠯᠡᠭᠡᠳ ᠨᠡᠭᠦᠨ᠎ᠡ ᠰᠢᠤ᠃

ᠰᠠᠨᠠᠭ᠎ᠠ ᠨᠢ ᠵᠡᠮᠳᠡᠭ᠌ ᠰᠠᠭᠠᠷᠮᠠᠭ ᠥᠭᠡᠳᠡ

ᠰᠡᠳᠭᠢᠯ ᠡᠮᠵᠡᠭᠯᠡᠨ ᠳᠦᠭᠦᠭᠦ ᠥᠭᠡᠢ

ᠰᠠᠯᠭᠢ ᠨᠢ ᠡᠮᠨᠢᠭ᠌ ᠨᠤᠳᠤᠭ ᠥᠭ᠍ᠰᠤᠨ

ᠰᠢᠯᠦᠭ᠌ ᠶᠢᠡᠨ ᠨᠡᠷᠡᠭᠡᠳ ᠨᠡᠭᠦᠨ᠎ᠡ ᠰᠢᠤ᠃

ᠪᠣᠳᠤᠯ ᠨᠢ ᠪᠣᠢ᠌ᠳᠠ ᠭᠤᠭᠴᠤᠭ᠎ᠠ ᠳᠠᠢ᠌ᠰᠢ

ᠪᠣᠴᠠᠬᠤ ᠪᠠᠨ ᠮᠠᠷᠳᠠᠨ ᠵᠢᠷᠭᠢᠭᠦ ᠥᠭᠡᠢ

ᠪᠣᠷᠤ ᠵᠢᠷᠦᠭᠡᠨ ᠤ ᠠᠷᠭᠠᠮᠵᠢᠶ᠎ᠠ ᠡᠪᠭᠡᠭ᠍ᠰᠡᠭᠡᠷ

ᠪᠣᠷᠮ᠎ᠠ ᠴᠢᠮ᠎ᠠ ᠣᠷᠤᠭᠤ ᠨᠡᠭᠦᠨ᠎ᠡ ᠰᠢᠤ᠃

ᠡᠷᠳᠡᠮ ᠡᠷᠭᠡᠰ ᠲᠡᠶ ᠪᠠᠨ

ᠡᠷᠭᠢᠵᠤ ᠢᠷᠡᠭᠦ ᠦᠭᠡᠶ ᠪᠠᠷ ᠨᠡᠭᠦᠨ᠎ᠡ

ᠡᠨᠡᠷᠢᠯ ᠳᠤᠷᠠᠯᠠᠯ ᠲᠡᠶ ᠪᠠᠨ

ᠡᠷᠪᠠᠭᠡᠢ ᠴᠢᠮ᠎ᠠ ᠣᠷᠤᠭᠤ ᠨᠡᠭᠦᠨ᠎ᠡ ᠰᠢᠤ᠃

ᠵᠤᠬᠢᠶᠠᠭᠴᠢ᠄ ᠡ᠊·ᠭᠦᠳᠡᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2640
ᠴᠠᠭ᠄ 2009 ᠤᠨ ᠤ 09 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ