☆ ᠤᠯᠠᠮᠰᠠᠢᠨ
ᠬᠣᠩᠭ᠋ᠣᠷ ᠨᠠᠮᠣᠷ ᠤᠨ ᠡᠳ᠋ᠣᠷ ᠤᠳ
ᠴᠡᠴᠡᠭ᠌ ᠳᠡᠯᠭᠡᠷᠡᠵᠦ ᠴᠡᠴᠡᠭ᠌ ᠵᠤᠯᠭᠠᠷᠠᠬᠤ
ᠤᠯᠠᠷᠢ᠍ᠯ ᠤᠨ ᠴᠠᠭᠠᠷᠢ᠍ᠭ ᠳᠡᠭᠡᠷᠠ ᠲᠦ᠋ᠷᠬᠢᠭ᠍ᠰᠡᠨ ᠤ ᠡᠩᠭᠡᠰᠬᠡ
ᠴᠠᠭᠠᠨ ᠰᠢ᠍ᠭᠦᠳ᠋ᠡᠷᠢ ᠶᠢᠨ ᠲᠣᠰᠣᠯ ᠪᠣᠯᠵᠦ ᠬᠢᠷᠠᠭᠤ ᠤᠨᠠᠪᠠ᠃
ᠦᠷᠯᠦᠬᠡ ᠶᠢᠨ ᠲᠠᠭᠠᠷᠡᠵᠦ ᠪᠡᠬᠡᠷᠡᠭ᠍ᠰᠡᠨ ᠡᠪᠡᠰᠣ ᠮᠣᠳ᠋ᠣ
ᠨᠢ᠍ᠯᠪᠤᠰᠤ ᠠᠰᠬᠠᠷᠠᠭᠤᠯᠤᠨ ᠬᠢᠷᠠᠭᠤ ᠰᠢ᠍ᠬᠢᠳᠭᠡᠭ᠍ᠰᠡᠨ ᠨᠠᠪᠴᠢ᠍ᠰ ᠤᠨ ᠬᠦᠪᠡᠬᠡ ᠴᠠᠰᠣᠨ ᠮᠡᠲᠦ
ᠴᠡᠴᠡᠭ᠌ ᠤᠨ ᠨᠢ᠍ᠭᠤᠷ ᠳᠡᠭᠡᠷᠠ ᠬᠢᠯᠠᠯᠵᠡᠨ ᠨᠠᠭᠠᠯᠳ᠋ᠤᠵᠤ ᠪᠠᠢ᠌ᠨᠠ
ᠲᠡᠭᠦᠨ ᠲᠡᠶ ᠬᠠᠮᠳ᠋ᠣ ᠣᠨ ᠰᠠᠷᠠ ᠠᠭᠠᠵᠢ᠍ᠮ ᠶᠢᠡᠷ ᠥᠲᠡᠯᠵᠦ ᠬᠥᠭ᠍ᠰᠢ᠍ᠷᠡᠬᠦ ᠮᠡᠳ᠋ᠣ᠃
ᠪᠢ ᠬᠦᠢᠲᠡᠮᠰᠦᠭ᠌᠂ ᠭᠡᠲᠡᠯᠠ ᠰᠢ᠍ᠯᠦᠭ᠌ ᠡᠷᠬᠢᠮᠰᠦᠭ᠌
ᠦᠳ᠋ᠡᠰᠢ ᠴᠡᠯᠮᠡᠭ᠌ ᠣᠳ᠋ᠣ ᠰᠡᠢ᠌ᠷᠡᠭ᠌᠂ ᠪᠢ ᠵᠢᠭ᠍ᠰᠢ᠍ᠭᠦᠷᠢ᠍ᠲᠡᠶ
ᠭᠡᠪᠡᠴᠦ ᠪᠠᠢ᠌ᠭᠠᠯᠢ ᠶᠢᠨ ᠬᠠᠮᠣᠭ ᠪᠦᠬᠦᠨ ᠰᠠᠢ᠌ᠬᠠᠨ ᠪᠠᠢᠨᠠ᠃
ᠪᠢ ᠨᠡᠷᠡ ᠶᠢ ᠬᠠᠳ᠋ᠡᠨ ᠪᠠᠭᠠᠳ᠋ᠣᠷ ᠬᠡᠵᠦ ᠰᠢ᠍ᠳ᠋ᠣᠨ
ᠪᠢ ᠰᠠᠷᠠ ᠶᠢ ᠠᠷᠢ᠍ᠭᠤᠨ ᠭᠣᠸᠠ ᠬᠡᠵᠦ ᠰᠦ᠋ᠬᠦᠳᠦᠨᠡᠮ᠃
ᠵᠣᠨ ᠤ ᠪᠣᠷᠣᠭᠠᠨ ᠳ᠋ᠥ ᠨᠣᠷᠣᠭᠳ᠋ᠠᠭᠰᠡᠨ ᠵᠦ᠋ᠬᠡᠯᠡᠨ ᠭᠤᠨᠢᠭ
ᠪᠠᠰᠠ ᠮᠢ᠍ᠨᠦ ᠬᠦᠢᠲᠡᠮᠰᠦᠭ᠌ ᠳᠤᠮᠳ᠋ᠠ ᠵᠤᠯᠭᠠᠷᠠᠪᠠ
ᠬᠤᠸᠠ ᠴᠠᠭᠠᠨ ᠬᠤᠯᠤᠰᠤ ᠬᠦᠷᠲᠡᠯᠠ
ᠪᠦᠷ ᠵᠦ᠋ᠭᠡᠷ ᠲᠠᠯᠪᠢᠬᠤ ᠦᠭᠡᠶ᠂ ᠲᠡᠳ᠋ᠡᠭᠡᠷ ᠰᠢ᠍ᠷᠠ ᠨᠠᠪᠴᠢ
ᠪᠠᠰᠠ ᠬᠠᠮᠤᠭ ᠰᠡᠭᠦᠯᠴᠢ ᠶᠢᠨ ᠰᠡᠭᠦᠷᠡᠰᠦ ᠠᠯᠳ᠋ᠠᠯᠠ ᠪᠠᠨ
ᠳᠡᠯᠡᠬᠡᠶ ᠶᠢ᠍ᠷᠲᠢ᠍ᠨᠴᠦ ᠨᠠᠮᠣᠷ ᠶᠢᠡᠷ ᠬᠦᠨ ᠬᠣᠴᠢ᠍ᠭᠳ᠋ᠡᠪᠡ
ᠡᠬᠡ ᠭᠠᠵᠠᠷ ᠨᠡᠯᠦᠢ᠌ᠵᠦ᠂ ᠲᠡᠨᠳ᠋ᠡ ᠬᠦᠷᠲᠡᠯᠠ
ᠳᠠᠭᠤᠯᠠᠵᠤ ᠪᠠᠢᠭᠠ ᠭᠣᠣᠯ ᠭᠣᠷᠣᠬᠠ᠂ ᠶᠠᠭ ᠯᠠ ᠣᠷᠳ᠋ᠣ ᠶᠢᠨ ᠲᠠᠭᠣᠣ ᠰᠢ᠍ᠭ᠃
ᠮᠢ᠍ᠨᠦ ᠪᠣᠳ᠋ᠣᠬᠤ ᠪᠠᠷ ᠠᠮᠢ᠍ᠳ᠋ᠣᠷᠡᠨ ᠣᠷᠣᠰᠢ᠍ᠬᠣ ᠠᠬᠣᠢ ᠳ᠋ᠥ ᠳᠠᠯᠳ᠋ᠠ ᠤᠷᠤᠰᠬᠠᠯ ᠬᠥᠳ᠋ᠡᠯᠵᠦ᠂
ᠠᠯᠢ᠍ᠪᠡ ᠪᠦᠷ ᠬᠡᠨᠡᠨ ᠴᠠᠢ᠌ᠯᠭᠠᠨ᠂ ᠥ ᠰᠡᠪ ᠦᠭᠡᠶ
ᠶᠠᠭ ᠳᠠᠯᠳ᠋ᠠᠭᠤᠷ ᠦᠵᠡᠯᠳ᠋ᠡ ᠪᠣᠳ᠋ᠣᠯᠳ᠋ᠡ ᠶᠢ ᠰᠡᠮᠡᠬᠡᠷ ᠲᠠᠭᠠᠷᠢ᠍ᠵᠦ ᠪᠠᠢ᠌ᠮᠡᠷ ᠁
2019.09.10
ᠵᠤᠬᠢᠶᠠᠭᠴᠢ᠄ ᠤᠯᠠᠮᠰᠠᠢᠨ
ᠢᠷᠡᠯᠲᠡ᠄ ᠢᠷᠡᠭᠦᠯᠦᠭᠰᠡᠨ ᠡᠬᠡ ᠪᠢᠴᠢᠭ
ᠬᠠᠷᠢᠶᠠ᠄
ᠰᠢᠯᠦᠭᠳᠠᠷᠤᠮ᠄ 44528
ᠴᠠᠭ᠄ 2019 ᠤᠨ ᠤ 09 ᠰᠠᠷᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ