ᠨᠡᠪᠲᠡᠷᠡᠨ ᠤᠷᠤᠬᠤ
ᠪᠣᠴᠠᠬᠤ ᠰᠢᠪᠠᠭᠤᠳ ᠤᠨ ᠬᠣᠢ᠌ᠨ᠎ᠠ ᠡᠴᠠ ᠨᠢᠯᠪᠣᠰᠤ ᠪᠢᠳᠡᠭᠡᠢ ᠣᠨᠠᠭᠠᠭᠠᠷᠠᠢ

ᠪᠣᠴᠠᠬᠤ ᠰᠢᠪᠠᠭᠤᠳ ᠤᠨ ᠬᠣᠢ᠌ᠨ᠎ᠠ ᠡᠴᠠ ᠨᠢᠯᠪᠣᠰᠤ ᠪᠢᠳᠡᠭᠡᠢ ᠣᠨᠠᠭᠠᠭᠠᠷᠠᠢ

ᠪᠣᠭᠤᠷᠤᠯ ᠬᠤᠷᠸ᠎ᠠ ᠶᠢᠨ ᠮᠠᠨᠠᠨ ᠳᠤ ᠠᠯᠢ ᠨᠢᠭᠡ ᠨᠢ ᠳᠦᠭᠡᠷᠢᠴᠡᠭᠡᠭᠦ ᠪᠣᠢ ᠳ᠋ᠠ

ᠪᠣᠯᠠᠭ ᠱᠠᠩᠳᠠ ᠶᠢᠨ ᠶᠢᠡᠨ ᠨᠢᠳᠤᠨ ᠳᠡᠭᠡᠷ᠎ᠡ ᠭᠡᠵᠢᠶ᠎ᠡ ᠴᠤ ᠡᠷᠭᠢᠭᠦ ᠦᠭᠡᠶ ᠳᠡᠨᠦᠴᠢᠭᠡᠭᠦ ᠪᠣᠢ

ᠪᠣᠴᠠᠬᠤ ᠰᠢᠪᠠᠭᠤᠳ ᠤᠨ ᠬᠣᠢ᠌ᠨ᠎ᠠ ᠡᠴᠠ ᠨᠢᠯᠪᠣᠰᠤ ᠪᠢᠳᠡᠭᠡᠢ ᠣᠨᠠᠭᠠᠭᠠᠷᠠᠢ

ᠵᠡᠯᠡᠯᠡᠭᠦ ᠰᠢᠪᠠᠭᠤᠳ ᠤᠨ ᠬᠣᠢ᠌ᠨ᠎ᠠ ᠡᠴᠠ ᠤᠢ᠌ᠳᠬᠠᠷ ᠪᠢᠳᠡᠭᠡᠢ ᠬᠠᠳᠠᠭᠠᠷᠠᠢ

ᠵᠢᠯ ᠰᠠᠷ᠎ᠠ ᠶᠢᠨ ᠠᠶᠠᠨ ᠡᠴᠠ ᠪᠠᠨ ᠭᠡᠭᠡᠭ᠍ᠳᠡᠵᠤ ᠨᠢᠭᠡ ᠨᠢ ᠥᠨᠦᠴᠢᠷᠡᠭᠦ ᠪᠣᠢ ᠳ᠋ᠠ

ᠵᠢᠩᠵᠢᠨ ᠴᠠᠭᠠᠨ ᠨᠠᠭᠤᠷ ᠶᠢᠡᠨ ᠭᠡᠵᠤ ᠦᠷᠦᠭᠡᠯ ᠤᠨ ᠬᠠᠷᠠᠵᠠᠨ ᠳᠤ ᠵᠢᠩᠳᠡᠭᠦ ᠪᠣᠢ

ᠵᠡᠯᠡᠯᠡᠭᠦ ᠰᠢᠪᠠᠭᠤᠳ ᠤᠨ ᠬᠣᠢ᠌ᠨ᠎ᠠ ᠡᠴᠠ ᠤᠢ᠌ᠳᠬᠠᠷ ᠪᠢᠳᠡᠭᠡᠢ ᠬᠠᠳᠠᠭᠠᠷᠠᠢ

ᠬᠠᠷᠢᠯᠠᠬᠤ ᠰᠢᠪᠠᠭᠤᠳ ᠤᠨ ᠬᠣᠢ᠌ᠨ᠎ᠠ ᠡᠴᠠ ᠬᠠᠷᠠᠮᠰᠠᠯ ᠪᠢᠳᠡᠭᠡᠢ ᠵᠠᠯᠭᠢᠭᠠᠷᠠᠢ

ᠭᠢᠯᠠᠭᠠᠨ᠎ᠠ ᠶᠢᠨ ᠳᠤᠯᠤᠭᠠᠢ ᠰᠠᠮᠨᠠᠬᠤ ᠰᠡᠭᠦᠳᠡᠷ ᠨᠢ ᠭᠦᠷᠳᠡᠯ᠎ᠡ ᠪᠠᠭᠡᠷᠡᠭᠦ ᠪᠣᠢ ᠳ᠋ᠠ

ᠬᠠᠯᠠᠭᠤᠨ ᠦᠳᠦ ᠪᠠᠨ ᠳᠡᠪᠢᠰᠦᠭ᠍ᠰᠡᠨ ᠨᠤᠳᠤᠭ ᠶᠢᠡᠨ ᠣᠯᠬᠤ ᠦᠭᠡᠶ ᠪᠠᠳᠡᠷᠡᠭᠦ ᠪᠣᠢ

ᠬᠠᠷᠢᠯᠠᠬᠤ ᠰᠢᠪᠠᠭᠤᠳ ᠤᠨ ᠬᠣᠢ᠌ᠨ᠎ᠠ ᠡᠴᠠ ᠬᠠᠷᠠᠮᠰᠠᠯ ᠪᠢᠳᠡᠭᠡᠢ ᠵᠠᠯᠭᠢᠭᠠᠷᠠᠢ

ᠰᠦᠷᠦᠭᠯᠡᠭᠦ ᠰᠢᠪᠠᠭᠤᠳ ᠤᠨ ᠬᠣᠢ᠌ᠨ᠎ᠠ ᠡᠴᠠ ᠰᠡᠭᠦᠷᠡᠰᠤ ᠪᠢᠳᠡᠭᠡᠢ ᠠᠯᠳᠠᠭᠠᠷᠠᠢ

ᠰᠦᠮᠠᠨ ᠰᠦᠮᠠᠨ ᠠᠯᠤᠰ ᠲᠤ ᠵᠢᠭᠦᠷ ᠨᠢ ᠨᠢᠮᠭᠡᠷᠡᠵᠤ ᠭᠦᠷᠭᠦ ᠪᠣᠢ ᠳ᠋ᠠ

ᠰᠦ᠋ ᠪᠠᠷ ᠠᠷᠭᠠᠳᠠᠵᠤ ᠴᠢᠳᠠᠳᠠᠭ ᠦᠭᠡᠶ ᠴᠤ ᠳᠠᠭᠤ ᠪᠠᠷ ᠶᠢᠡᠨ ᠠᠷᠭᠠᠮᠵᠢᠵᠤ ᠨᠡᠭᠦᠳᠡᠯᠯᠡᠭᠡ

ᠰᠦᠷᠦᠭᠯᠡᠭᠦ ᠰᠢᠪᠠᠭᠤᠳ ᠤᠨ ᠬᠣᠢ᠌ᠨ᠎ᠠ ᠡᠴᠠ ᠰᠡᠭᠦᠷᠡᠰᠤ ᠪᠢᠳᠡᠭᠡᠢ ᠠᠯᠳᠠᠭᠠᠷᠠᠢ


                     2012.11.2


ᠵᠤᠬᠢᠶᠠᠭᠴᠢ ᠶᠢᠨ ᠬᠠ‍‌ᠶᠢᠭ ᠄ ᠪᠠᠷᠠᠭᠤᠨ ᠦᠵᠤᠮᠤᠴᠢᠨ

ᠵᠤᠬᠢᠶᠠᠭᠴᠢ᠄ ᠭᠤ᠋·ᠪᠠᠳᠤᠬᠤᠶᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 11700
ᠴᠠᠭ᠄ 2012 ᠤᠨ ᠤ 12 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ