☆ ᠨᠠ᠊·ᠬᠦᠬᠡᠰᠢᠭᠤᠢ
ᠤᠶᠠᠩᠭ᠎ᠠ ᠶᠢᠨ ᠴᠠᠭᠠᠨ ᠥᠳᠡᠰᠢ
ᠭᠠᠳᠠᠨ᠎ᠠ ᠰᠠᠯᠭᠢ ᠢᠰᠭᠢᠷᠤᠨᠠ
ᠭᠡᠷ ᠲᠤ ᠰᠠᠤᠠᠭᠢᠯ ᠢᠰᠭᠢᠷᠤᠨᠠ
ᠭᠠᠭᠴᠠᠭᠠᠷᠳᠠᠯ ᠶᠢᠡᠨ ᠪᠢ
ᠰᠠᠪ ᠰᠡᠮᠡᠷᠭᠡᠨ ᠨᠤᠴᠤᠭᠠᠭᠠᠤᠨ
ᠭᠠᠷᠬᠠᠯᠠᠭᠰᠠᠨ ᠴᠠᠭᠠᠨ ᠣᠳᠤᠭ᠎ᠠ ᠪᠣᠯᠭᠠᠵᠤ
ᠦᠯᠢᠶᠠᠵᠤ ᠨᠠᠭᠠᠳᠤᠨ᠎ᠠ
ᠴᠠᠭ ᠭᠡᠳᠦᠢ ᠪᠣᠯᠤᠭᠰᠠᠨ ᠢ ᠮᠡᠳᠡᠭᠦ ᠥᠭᠡᠢ
ᠴᠠᠢ ᠭᠡᠵᠢᠶ᠎ᠡ ᠪᠣᠴᠠᠯᠤᠭᠰᠠᠨ ᠢ ᠴᠤ ᠮᠡᠳᠡᠭᠦ ᠥᠭᠡᠢ
ᠴᠠᠭᠢᠯᠭᠠᠨ ᠵᠤᠭᠰᠤᠭᠰᠠᠨ ᠡᠨᠡ ᠦᠳᠡᠰᠢ
ᠰᠢᠯᠦᠭ᠌ ᠶᠢᠡᠨ ᠪᠢ ᠠᠰᠠᠭᠠᠯᠠ
ᠭᠠᠭᠴᠠᠭᠠᠷ ᠠᠷᠢᠭᠢ ᠣᠤᠭᠤᠬᠤ ᠳ᠋ᠤ
ᠣᠤᠭᠤᠵᠤ ᠣᠷᠤᠬᠤ ᠥᠭᠡᠢ
ᠭᠠᠳᠠᠨ᠎ᠠ ᠡᠴᠡ ᠭᠡᠢ᠌ᠴᠢᠨ ᠢᠷᠡᠭᠦ ᠳ᠋ᠤ
ᠵᠤᠴᠢᠯᠠᠵᠤ ᠳᠡᠢ᠌ᠯᠭᠦ ᠥᠭᠡᠢ
ᠨᠤᠮ ᠤᠨ ᠰᠠᠩ ᠳᠤ ᠣᠷᠤᠬᠤ ᠭᠦᠮᠤᠨ
ᠴᠥᠭᠡᠨ ᠪᠣᠯᠵᠠᠢ
ᠨᠤᠭᠤᠭ᠎ᠠ ᠬᠠᠭᠤᠷᠬᠤ ᠳᠠᠭᠠᠨ ᠡᠷᠡᠴᠦᠳ ᠪᠦᠷ
ᠳᠠᠤᠠᠮᠠᠭᠠᠢ ᠪᠣᠯᠵᠠᠢ
ᠨᠤᠶᠠᠤᠨ ᠨᠠᠮᠢ᠋ᠢ ᠭᠢᠰᠭᠢᠯᠠᠵᠤ ᠥᠩᠭᠡᠷᠡᠨ᠎ᠡ
ᠨᠤᠬᠠᠢ ᠨᠠᠮᠢ᠋ᠢ ᠬᠤᠴᠠᠵᠤ ᠥᠩᠭᠡᠷᠡᠨ᠎ᠡ
ᠨᠤᠮᠤᠬᠠᠨ ᠶᠢᠠᠷ ᠵᠢᠠᠨ ᠪᠢ ᠳᠠᠰᠴᠤ ᠥᠩᠭᠡᠷᠡᠨ᠎ᠡ
ᠦᠨᠡᠨ ᠥᠭᠡ ᠭᠡᠳᠦᠢ ᠬᠤᠪᠣᠷ ᠢ ᠮᠡᠳᠡᠭᠦ ᠥᠭᠡᠢ
ᠥᠴᠦᠭᠡᠳᠦᠷ ᠴᠢ ᠪᠠᠰᠠ ᠨᠠᠮᠢ᠋ᠢ ᠬᠠᠭᠤᠷᠤᠯᠠ
ᠦᠪᠣᠷ ᠮᠤᠩᠭ᠋ᠤᠯ ᠤᠨ ᠨᠢᠭᠡ
ᠵᠠᠯᠠᠭᠤ ᠰᠢᠯᠦᠭ᠍ᠴᠢ ᠭᠡᠨ᠎ᠡ ᠰᠢᠤ
ᠦᠪᠡᠷ ᠤᠨ ᠪᠠᠶ᠎ᠠ ᠪᠠᠨ ᠪᠢ ᠦᠷᠦᠪᠳᠠᠯᠠ
ᠠᠶᠤᠩᠭ᠋ᠤᠷᠢ ᠲᠦᠷᠦᠮᠠ ᠨᠠᠮ ᠵᠢᠮ
ᠠᠶ᠎ᠠ ᠪᠠᠰᠠ ᠨᠢᠭᠡ ᠭᠦᠢᠳᠡᠨ ᠰᠦᠨᠢ ᠢᠷᠠᠵᠠᠢ
ᠠᠪᠣ ᠮᠢᠨᠢ ᠡ᠂ ᠠᠪᠣ ᠮᠢᠨᠢ
ᠠᠷᠢᠭᠢ ᠪᠠᠨ ᠳᠠ ᠪᠠᠭ᠎ᠠ ᠰᠢᠭ ᠣᠤᠭᠤᠭᠠᠴᠢ
ᠮᠦᠷᠤᠨ ᠳᠡᠭᠡᠨ ᠭᠤᠶᠤ ᠪᠣᠭᠴᠤ ᠲᠡᠶ ᠭᠡᠦᠭᠡᠡᠴᠦᠳ
ᠥᠴᠦᠭᠡᠳᠦᠷ ᠨᠠᠮᠢ᠋ᠢ ᠱᠤᠤᠯᠠᠵᠤ ᠥᠩᠭᠡᠷᠡᠪᠡ
ᠮᠥᠩᠭᠦᠨ ᠪᠦᠭᠡᠵᠢ ᠮᠢᠨᠢ
ᠠᠯᠳᠠᠨ ᠪᠦᠯᠡᠵᠡᠩ ᠳ᠋ᠤᠨᠢ ᠳᠤᠷᠤᠮᠵᠢᠯᠠᠭᠳᠠᠵᠤ ᠥᠩᠭᠡᠷᠡᠪᠡ
ᠬᠠᠭᠤᠴᠢᠷᠠᠭᠰᠠᠨ ᠢᠨᠠᠭ ᠳᠤᠷᠠᠯᠠᠯ
ᠬᠤᠭᠤᠷᠠᠭᠰᠠᠨ ᠮᠤᠳᠤᠨ ᠰᠠᠮ
ᠬᠤᠬᠤᠢ ᠭᠦᠮᠤᠨ ᠤ ᠠᠮᠢᠳᠤᠷᠠᠯ ᠪᠣᠯ ᠨᠢᠭᠡ
ᠬᠤᠱᠤᠩ ᠵᠥᠴᠦᠭᠡ ᠳᠠᠳᠤᠢ
ᠵᠡᠭᠡᠯᠢ ᠳᠡᠭᠡᠷ᠎ᠡ ᠬᠠᠷᠠᠭᠳᠠᠬᠤ
ᠵᠡᠮᠳᠡᠭ᠌ ᠮᠤᠩᠭ᠋ᠤᠯ ᠥᠰᠦᠭ᠌ ᠮᠢᠨᠢ
ᠵᠢᠷᠦᠭᠡ ᠶᠢ ᠵᠢᠮᠵᠢᠭᠢᠨᠡᠭᠦᠯᠦᠨᠡ
ᠵᠢᠰᠤ ᠴᠢᠷᠠᠢ ᠨᠢ ᠳᠠᠨᠢᠭᠳᠠᠬᠤ ᠦᠭᠡᠶ ᠪᠣᠯᠤᠭᠰᠠᠨ
ᠮᠤᠩᠭ᠋ᠤᠯ ᠰᠤᠶᠤᠯ ᠮᠢᠨᠢ
ᠵᠡᠭᠦᠳᠤᠨ ᠳᠤ ᠬᠠᠷ᠎ᠠ ᠳᠠᠷᠤᠨ᠎ᠠ
ᠰᠢᠯᠦᠭ᠌ ᠪᠢᠴᠢᠭᠦ ᠳᠤ ᠣᠩᠰᠢᠬᠤ ᠭᠦᠮᠤᠨ ᠥᠭᠡᠢ
ᠰᠢᠯᠦᠭ᠌ ᠪᠢᠴᠢᠭᠦ ᠦᠭᠡᠶ ᠪᠣᠯ ᠣᠠᠳᠠᠵᠤ ᠣᠷᠤᠬᠤ ᠥᠭᠡᠢ
ᠰᠡᠭᠦᠯ ᠤᠨ ᠦᠶ᠎ᠡ ᠶᠢᠨ ᠢᠷᠠᠭᠤ ᠨᠠᠢ᠌ᠷᠠᠭᠴᠢᠳ ᠢ
ᠰᠡᠭᠦᠷᠡᠰᠤ ᠯᠠ ᠣᠢ᠌ᠯᠠᠭᠠᠨ᠎ᠠ
ᠡᠨᠡ ᠰᠦᠨᠢ
ᠠᠷᠪᠠᠨ ᠳᠠᠪᠤᠨ ᠤ ᠰᠠᠷ᠎ᠠ ᠳᠤᠪ ᠳᠤᠩᠭ᠋ᠠᠯᠠᠭ
ᠠᠭᠠᠷ ᠳᠡᠭᠡᠷ᠎ᠡ ᠭᠡᠳᠤᠨ ᠭᠡᠰᠡᠭ᠌
ᠠᠩᠭᠢᠷ ᠴᠠᠭᠠᠨ ᠡᠭᠦᠯᠡ ᠭᠦᠪᠪᠦᠨᠡ
ᠠᠩᠬᠠᠨ ᠤ ᠳᠤᠷᠠᠯᠠᠯ ᠤᠨ
ᠠᠮᠳᠠᠳᠤ ᠵᠡᠭᠦᠳᠤ ᠭᠦᠪᠪᠦᠨᠡ
ᠰᠠᠷᠠᠨ ᠤ ᠳᠤᠶᠠᠭ᠎ᠠ ᠣᠰᠤ ᠮᠠᠳᠤ ᠭᠦᠢᠳᠡᠨ
ᠰᠠᠤᠠᠭᠢᠯ ᠤᠨ ᠣᠶᠠᠭ᠎ᠠ ᠮᠦᠰᠤ ᠮᠠᠳᠤ ᠵᠢᠭᠡᠭᠦᠨ
ᠠᠮᠢᠳᠤᠷᠠᠯ ᠡᠴᠡ ᠣᠯᠤᠭᠰᠠᠨ ᠮᠢᠨᠢ ᠶᠠᠭᠤ ᠪᠢᠯᠠ
ᠠᠮᠢᠳᠤᠷᠠᠯ ᠳᠤ ᠠᠯᠳᠠᠭᠰᠠᠨ ᠮᠢᠨᠢ ᠶᠠᠭᠤ ᠪᠢᠯᠠ
ᠭᠠᠷ ᠴᠠᠭ ᠵᠢᠠᠨ
ᠭᠠᠢ᠌ᠬᠠᠭᠤᠯᠬᠤ ᠦᠶ᠎ᠡ ᠭᠡᠳᠥᠢᠨ ᠥᠩᠭᠡᠷᠡᠵᠡᠢ
ᠭᠠᠳᠠᠭᠠᠳᠤ ᠶᠢᠨ ᠳᠡᠷᠭᠡ ᠵᠢ
ᠪᠢ ᠠᠪᠴᠤ ᠳᠡᠢ᠌ᠯᠭᠦ ᠦᠭᠡᠶ ᠡ
ᠨᠢᠭᠡ ᠨᠠᠰᠤᠨ ᠤ ᠬᠠᠮᠤᠭ
ᠭᠡᠷᠡᠯ ᠭᠢᠯᠪᠠᠭᠠᠳᠤ ᠡᠳᠦᠷ
ᠨᠢᠭᠡ ᠪᠣᠳᠤᠬᠤ ᠳᠤ ᠥᠩᠭᠡᠷᠡᠭ᠍ᠰᠡᠨ ᠰᠢᠭ᠌
ᠨᠡᠭᠡᠵᠤ ᠪᠣᠳᠤᠬᠤ ᠳᠤ ᠢᠷᠡᠭᠡ ᠦᠭᠡᠶ ᠰᠢᠭ᠌
ᠨᠡᠢ᠌ᠭᠡᠮ ᠶᠠᠭ ᠠᠭᠠᠯᠵᠢᠨ ᠳᠤᠤᠷ ᠡ ᠁
ᠭᠦᠮᠤᠨ ᠤ ᠰᠥᠷᠦᠭ᠌ ᠳᠤ
ᠪᠠᠶ᠎ᠠ ᠪᠠᠨ ᠨᠡᠢ᠌ᠯᠡᠭᠦᠯᠦᠯᠡ
ᠭᠦᠭᠡᠷᠦᠭᠦᠢ ᠳ᠋ᠠ
ᠪᠣᠳᠤᠯ ᠮᠢᠨᠢ ᠮᠤᠰᠭᠢᠷᠠᠵᠤ ᠡᠪᠠᠦᠡᠳᠦᠨᠡ
ᠭᠡᠵᠢᠶᠡᠳᠡ ᠭᠡᠯᠡᠭᠦ ᠥᠭᠡᠢ
ᠥᠭᠡ ᠪᠠᠨ ᠭᠡᠯᠡᠯ᠎ᠡ
ᠭᠡᠯᠡ ᠮᠢᠨᠢ ᠮᠢᠡᠴᠦᠭᠦᠷᠡᠵᠤ ᠡᠪᠠᠦᠡᠳᠦᠨᠡ
ᠭᠦᠮᠤᠨ ᠤ ᠬᠣᠢ᠌ᠨ᠎ᠠ ᠡᠴᠡ ᠳᠠᠭᠠᠵᠤ ᠠᠯᠬᠤᠯ᠎ᠠ
ᠭᠦᠯ ᠮᠢᠨᠢ ᠭᠦᠡᠳᠦᠷᠡᠵᠤ ᠡᠪᠠᠦᠡᠳᠦᠨᠡ
ᠮᠢᠩᠭ᠋ᠠᠨ ᠵᠢᠯ ᠳᠤ ᠨᠢᠭᠡᠯᠡ ᠲᠤᠬᠢᠶᠠᠯᠳᠤᠬᠤ
ᠬᠤᠪᠢ ᠪᠣᠶᠠᠨ ᠬᠠᠮᠢᠭ᠎ᠠ ᠪᠠᠢ᠌ᠬᠤ ᠪᠣᠢ︖
ᠮᠠᠷᠭᠠᠰᠢ ᠶᠠᠭᠤ ᠪᠣᠯᠬᠤ ᠶᠢ ᠮᠡᠳᠡᠭᠦ ᠥᠭᠡᠢ
ᠬᠤᠷᠤᠰᠤᠯ ᠬᠠᠢ᠌ᠷ᠎ᠠ ᠬᠠᠮᠢᠭ᠎ᠠ ᠪᠠᠢ᠌ᠬᠤ ᠪᠣᠢ︖
ᠠᠭᠤᠯᠠ ᠳᠤᠪ ᠳᠤᠭᠤᠢ
ᠣᠰᠤ ᠳᠤᠪ ᠳᠤᠭᠤᠢ
ᠣᠴᠠᠭᠠᠷ ᠪᠣᠭᠢᠨᠢᠳᠠᠯ ᠳᠤᠪ ᠳᠤᠭᠤᠢ
ᠨᠠᠮᠢ᠋ᠢ ᠣᠤᠭᠤᠬᠤ ᠪᠠᠷ ᠢᠷᠡᠭ᠍ᠰᠡᠨ
ᠨᠠᠢ᠌ᠵᠠ ᠳᠠᠭᠠᠨ ᠪᠢ ᠣᠰᠤᠯᠳᠤᠯᠠ
ᠨᠠᠳᠠᠳᠤ ᠠᠭᠤᠴᠢᠯᠠᠯ ᠬᠠᠮᠤᠭ ᠴᠢᠬᠤᠯᠠ
ᠠᠷᠢᠭᠢ ᠪᠠᠷ ᠡᠨᠡ ᠡᠪᠦᠯ ᠢ
ᠳᠤᠭᠤᠯᠵᠤ ᠳᠡᠢ᠌ᠯᠭᠦ ᠦᠭᠡᠶ ᠬᠣᠢ᠌ᠨ᠎ᠠ
ᠠᠬ᠎ᠠ ᠮᠢᠨᠢ ᠬᠠᠰᠢᠯᠠ
ᠭᠦᠪᠦᠩ ᠬᠤᠪᠴᠠᠰᠤ ᠠᠪᠣᠭᠠᠷᠠᠢ
ᠬᠠᠢ᠌ᠷᠠᠯᠠᠵᠤ ᠥᠩᠭᠡᠷᠡᠭ᠍ᠰᠡᠨ ᠭᠡᠦᠭᠡᠨ ᠲᠡᠶ ᠪᠠᠨ
ᠬᠠᠶᠠ ᠨᠢᠭᠡ ᠠᠭᠤᠯᠵᠠᠬᠤ ᠳ᠋ᠤ
ᠬᠠᠯᠠᠭᠤ ᠣᠷᠭᠢᠨ᠎ᠠ
ᠬᠠᠢ᠌ᠷ᠎ᠠ ᠰᠠᠤᠠᠭᠢᠯ ᠪᠣᠳᠤᠪᠠᠯ
ᠭᠡᠳᠤᠨ ᠵᠢᠯ ᠳᠤ ᠣᠠᠳᠠᠷᠠᠬᠤ ᠶᠠᠭᠤᠮ᠎ᠠ ᠪᠢᠰᠢ
ᠦᠨᠡᠨ ᠳᠡᠭᠡᠨ ᠳᠤᠷᠠᠯᠠᠯ ᠪᠣᠯ
ᠦᠵᠡᠯ ᠰᠠᠨᠠᠭᠠᠨ ᠤ ᠳᠠᠢ᠌ᠨ ᠪᠢᠯᠠ
ᠣᠯᠵᠠᠯᠠᠭᠰᠠᠤᠨ ᠶᠢᠡᠨ ᠫᠣᠤᠵᠠᠩ ᠵᠢᠠᠷ
ᠳᠤᠰᠴᠤ ᠠᠪᠳᠠᠭ ᠪᠢᠯᠠ
ᠨᠠᠭᠤᠷ ᠲᠠᠭᠠᠨ ᠡᠪᠦᠯᠵᠢᠭ᠍ᠰᠡᠨ ᠭᠠᠯᠠᠭᠤ ᠥᠭᠡᠢ
ᠨᠤᠳᠤᠭ ᠲᠠᠭᠠᠨ ᠠᠯᠳᠠᠷᠰᠢᠭᠰᠠᠨ ᠭᠦᠮᠤᠨ ᠥᠭᠡᠢ
ᠪᠣᠷᠬᠠᠨ ᠮᠡᠡᠳᠦᠯᠡᠭ᠍ᠰᠡᠨ ᠭᠠᠵᠠᠷ ᠪᠣᠯ
ᠪᠣᠭ ᠪᠦᠳᠦᠭ᠍ᠰᠡᠨ ᠭᠠᠵᠠᠷ
ᠪᠣᠳᠤᠭᠠᠤᠨ ᠪᠠᠢ᠌ᠪᠠᠯ
ᠪᠣᠷᠬᠠᠨ ᠢ ᠪᠢᠰᠢᠷᠡᠭᠦ ᠪᠠᠨ ᠪᠠᠢ᠌ᠴᠢᠬᠠᠨᠠ
ᠵᠠᠮ ᠪᠣᠯ ᠣᠯᠠᠨ ᠭᠦᠮᠤᠨ ᠤ ᠮᠦᠷ
ᠵᠠᠯᠠᠭᠤ ᠨᠠᠰᠤ ᠥᠩᠭᠡᠷᠡᠭᠦ ᠪᠣᠷᠤᠭᠠᠨ ᠠᠳᠠᠯᠢ
ᠵᠠᠬ᠎ᠠ ᠶᠢᠨ ᠠᠷᠠᠭ᠎ᠠ
ᠵᠠᠵᠢᠨ ᠦᠰᠦ
ᠵᠠ ᠶᠠᠭᠠᠭᠢᠪ
ᠣᠨ ᠵᠢᠯ ᠪᠣᠯ
ᠣᠷᠤᠭ᠎ᠠ ᠡᠮᠨᠢᠭ᠌ ᠮᠤᠷᠢ ᠪᠢᠯᠠ
ᠭᠡᠵᠢᠶ᠎ᠡ ᠬᠣᠢ᠌ᠨ᠎ᠠ
ᠪᠠᠭ᠎ᠠ ᠨᠠᠰᠤ ᠪᠠᠨ ᠡᠷᠭᠢᠴᠡᠭᠦᠯᠭᠦ ᠳ᠋ᠤ
ᠬᠤᠷᠤᠳ ᠭᠡᠮᠡᠯᠢᠭ᠍ᠰᠡᠨ ᠰᠢᠭ᠌ ᠰᠠᠨᠠᠭᠳᠠᠨ᠎ᠠ
ᠭᠡᠭᠡᠷ᠎ᠡ ᠶᠢᠨ ᠠᠷᠪᠠᠢ
ᠰᠠᠤᠠᠭᠢᠯ ᠤᠨ ᠠᠳᠠᠷ ᠳᠤ
ᠨᠤᠭᠤᠭᠠᠷᠠᠨ ᠣᠷᠭᠤᠨ᠎ᠠ
ᠮᠥᠷᠦᠭᠡᠳᠦᠯ ᠪᠦᠭᠦᠨ
ᠨᠢᠭᠡ ᠬᠤᠠᠳᠠᠭ᠎ᠠ ᠠᠷᠢᠭᠢ
ᠮᠥᠩᠭᠡ ᠶᠢᠨ ᠣᠰᠤᠨ ᠢ
ᠠᠯᠳᠠᠨ ᠠᠶᠠᠭᠠᠨ ᠡᠴᠡ ᠣᠤᠭᠤᠨ᠎ᠠ
ᠵᠠᠭᠤᠨ ᠵᠢᠯ ᠤᠨ ᠭᠠᠭᠴᠠᠭᠠᠷᠳᠠᠯ
ᠮᠢᠩᠭ᠋ᠠᠨ ᠵᠢᠯ ᠤᠨ ᠭᠤᠨᠢᠭ
ᠮᠢᠨᠤ ᠣᠶᠠᠩᠭ᠋᠎ᠠ ᠶᠢᠨ ᠴᠠᠭᠠᠨ ᠦᠳᠡᠰᠢ ᠳᠠᠢ
ᠳᠦᠷᠦᠭᠡᠨ ᠳᠡᠭᠡᠷ᠎ᠡ ᠦᠨᠳᠠᠢ᠌ᠨᠠ
ᠳᠦᠪᠠᠷᠭᠡᠨ ᠳᠤᠤᠷ᠎ᠠ ᠳᠠᠷᠤᠭᠳᠠᠨ᠎ᠠ ᠁
ᠵᠤᠬᠢᠶᠠᠭᠴᠢ᠄ ᠨᠠ᠊·ᠬᠦᠬᠡᠰᠢᠭᠤᠢ
ᠢᠷᠡᠯᠲᠡ᠄ ᠵᠤᠬᠢᠶᠠᠭᠴᠢ ᠡᠴᠡ ᠬᠠᠩᠭᠠᠪᠠ
ᠬᠠᠷᠢᠶ᠎ᠠ᠄
ᠰᠢᠯᠦᠭᠳᠠᠷᠤᠮ᠄ 3528
ᠴᠠᠭ᠄ 2005 ᠤᠨ ᠤ 07 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ