☆ ᠭᠦᠷᠵᠡᠪ
ᠪᠠᠯᠠᠷᠠᠬᠠᠢ ᠣᠴᠢᠷ ᠤᠳ
1
ᠪᠠᠷᠤᠭᠳᠠᠢ ᠳᠤ ᠨᠡᠭᠡᠭᠡᠭ᠍ᠳᠡᠳᠡᠭ᠌ ᠥᠭᠡᠢ
《ᠪᠠᠳᠤ ᠡᠷᠳᠡᠨᠢ ᠶᠢᠨ ᠰᠠᠭᠢᠶᠠᠰᠤ》 ᠊᠊᠊᠊᠊᠊᠊᠊᠊᠊᠊᠊᠊᠊᠊
ᠪᠠᠷᠠᠭᠤᠨ ᠡᠭᠦᠳᠡ ᠪᠠᠷ
ᠪᠠᠭᠳᠠ ᠶᠠᠳᠠᠮ᠎ᠠ
ᠡᠪᠰᠢᠶᠡᠭ᠍ᠰᠡᠭᠡᠷ ᠣᠷᠤᠵᠤ ᠢᠷᠡᠭᠦ
ᠮᠢᠨᠤ ᠬᠤᠵᠢᠭᠳᠠᠭᠤᠷ ᠨᠥᠭᠦᠤᠨ
ᠪᠠᠷᠠᠢ᠌ᠳᠠᠯᠠ ᠪᠢᠴᠢᠭᠯᠡᠭᠦ
ᠢᠷᠠᠭᠤ ᠠᠯᠳᠠᠷ ᠤᠨ ᠰᠠᠮᠪᠠᠷ᠎ᠠ ᠳ᠋ᠤ
ᠨᠢᠭᠡᠯᠡ ᠠᠳᠠᠯᠢ
ᠨᠠᠷᠠ ᠪᠠᠨ ᠳᠡᠮᠳᠡᠭᠯᠡᠭᠦᠯᠦᠨᠡ
ᠪᠠᠷᠤᠭ ᠤᠨ ᠴᠠᠭ ᠡᠴᠡ ᠣᠰᠤᠯᠳᠠᠬᠤ ᠥᠭᠡᠢ
ᠪᠠᠴᠢᠮ ᠶᠠᠭᠠᠷᠠᠤ ᠠᠵᠢᠯᠯᠠᠳᠠᠭ
ᠵᠠᠷᠢᠮ ᠨᠢᠭᠡ ᠨᠠᠢ᠌ᠵᠠ ᠮᠢᠨᠢ
ᠪᠠᠷᠠᠭᠠᠨ ᠡᠷᠢᠶᠡᠨ ᠭᠦᠮᠤᠨ ᠤ ᠰᠥᠷᠦᠭ᠌ ᠳᠤ
ᠪᠠᠷ᠎ᠠ ᠨᠢ ᠬᠠᠷᠠᠭᠳᠠᠬᠤ ᠥᠭᠡᠢ
ᠪᠦᠷᠳᠡᠯᠵᠢᠨ ᠁ ᠁ ᠶᠠᠪᠣᠨ᠎ᠠ
2
ᠪᠠᠢ᠌ᠭᠤᠯᠭ᠎ᠠ ᠶᠢᠨ ᠶᠢᠡᠨ ᠬᠠᠭᠠᠯᠭ᠎ᠠ ᠵᠢ
ᠪᠠᠯᠪᠠ ᠢᠰᠭᠦᠯᠴᠢᠭᠡᠶᠡ ᠭᠡᠵᠤ
ᠪᠢ ᠪᠣᠳᠤᠨ᠎ᠠ
ᠪᠠᠰᠠ᠂ ᠨᠠᠷᠠ ᠨᠢᠭᠤᠷ ᠪᠠ
《ᠬᠠᠤᠯᠢ》 《ᠶᠤᠰᠤ》 ᠡᠴᠡ ᠠᠶᠤᠨ᠎ᠠ
ᠪᠠᠵᠠᠭᠠᠬᠤ᠂ ᠪᠠᠵᠠᠭᠠᠬᠤ ᠦᠭᠡᠶ ᠶᠠᠪᠣᠳᠠᠯ ᠤᠳ ᠢ
ᠪᠢᠳᠡᠭᠡᠢ ᠬᠠᠮᠢᠶᠠᠷᠠᠶᠠ ᠭᠡᠵᠤ ᠰᠠᠨᠠᠨ᠎ᠠ
ᠪᠠᠭ᠎ᠠ ᠡᠴᠡ ᠰᠤᠷᠤᠭᠰᠠᠨ
《ᠡᠪ ᠬᠠᠮᠳᠤ ᠶᠢᠨ》 ᠶᠤᠰᠤ ᠮᠤᠷᠠᠯ ᠪᠠ
ᠡᠭᠡᠯ ᠭᠦᠮᠦᠡᠴᠢ ᠴᠢᠨᠠᠷ ᠮᠢᠨᠢ
ᠭᠦᠯᠢᠶᠡᠵᠤ ᠳᠦᠪᠳᠡᠭᠦ ᠥᠭᠡᠢ
ᠰᠢᠨᠠᠯᠭᠠᠨ᠎ᠠ ᠁ ᠁
3
ᠪᠠᠢ᠌ᠳᠠᠭ ᠶᠢᠡᠨ ᠪᠢ
ᠪᠣᠰᠤᠳ ᠲᠤ ᠶᠡᠭᠦᠯᠡᠭᠦ ᠳᠤᠷᠠᠳᠠᠢ
ᠪᠠᠷᠢᠮᠳᠠ ᠭᠡᠷᠡᠴᠢ ᠦᠭᠡᠶ ᠪᠠᠷ
ᠭᠦᠮᠤᠨ ᠤ ᠰᠡᠳᠭᠢᠯ ᠢ ᠭᠦᠡᠳᠡᠭᠦ ᠡᠴᠡ ᠪᠠᠨ
ᠵᠢᠷᠦᠭᠡᠰᠢᠶᠡᠨᠡ
ᠪᠠᠷᠢᠵᠤ ᠪᠠᠢ᠌ᠭᠰᠠᠨ ᠪᠢᠷ ᠶᠢᠡᠨ᠂ ᠪᠢᠳᠠ
ᠶᠠᠭᠠᠭᠢᠵᠤ ᠵᠠᠷᠤᠭᠰᠠᠨ ᠴᠤ ᠪᠣᠯᠤᠨ᠎ᠠ
ᠪᠠᠢ᠌ᠭᠤᠯᠵᠤ ᠪᠠᠢ᠌ᠭ᠎ᠠ ᠣᠢ᠌ᠯᠠᠰ ᠶᠢᠡᠨ᠂ ᠪᠢᠳᠠ
ᠶᠠᠳᠠᠷ ᠳᠤᠷᠤᠢ ᠪᠣᠰᠬᠠᠬᠤ ᠪᠣᠶᠤ
ᠶᠠᠭ ᠴᠢᠮᠡᠭᠡ ᠦᠭᠡᠶ ᠪᠠᠷ ᠳᠡᠭᠦᠰᠭᠡᠭᠦ
ᠢᠴᠢᠭᠦᠷᠢ ᠲᠡᠶ︕
1992.2.24 ᠳᠤ ᠪᠢᠴᠢᠭ᠍ᠰᠡᠨ ᠨᠡᠢ᠌ᠳᠡᠯᠡᠭᠦᠯᠦᠭᠡ ᠦᠭᠡᠶ ᠰᠢᠯᠦᠭ᠌
ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2636
ᠴᠠᠭ᠄ 2009 ᠤᠨ ᠤ 06 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ