ᠨᠡᠪᠲᠡᠷᠡᠨ ᠤᠷᠤᠬᠤ
ᠭᠦᠭᠡ ᠳᠠᠷᠢᠶᠠᠨ ᠤ ᠪᠣᠯᠤᠭᠰᠠᠨ ᠭᠤᠯᠢᠷ ᠪᠠ ᠳᠡᠭᠦᠨ ᠤ ᠳᠤᠬᠠᠢ ᠳᠡᠭᠡᠳᠤ ᠮᠤᠩᠭ᠋ᠤᠯ ᠤᠨ ᠰᠤᠶᠤᠯ ᠰᠠᠤᠠᠭᠢᠴᠠ

〔ᠠᠭᠤᠯᠭ᠎ᠠ ᠶᠢᠨ ᠳᠤᠪᠴᠢ 〕ᠥᠭᠦᠯᠡᠯ ᠳᠤ ᠭᠦᠭᠡ ᠳᠠᠷᠢᠶᠠᠨ ᠤ ᠪᠣᠯᠤᠭᠰᠠᠨ ᠭᠤᠯᠢᠷ ᠪᠣᠯ ᠳᠡᠭᠡᠳᠤ ᠮᠤᠩᠭ᠋ᠤᠯᠴᠤᠳ ᠤᠨ ᠢᠳᠡᠭᠡᠨ ᠣᠮᠳᠠᠭᠠᠨ ᠤ ᠳᠤᠳᠤᠷᠠᠭᠢ ᠴᠢᠬᠤᠯᠠ ᠨᠢᠭᠡᠨ ᠵᠣᠢ᠌ᠯ ᠪᠣᠯᠬᠤ ᠶᠢ ᠥᠭᠦᠯᠡᠭᠡᠤᠨ ᠳᠠᠷᠠ ᠨᠢ ᠳᠡᠭᠡᠳᠤ ᠮᠤᠩᠭ᠋ᠤᠯᠴᠦᠳ ᠤᠨ ᠰᠤᠶᠤᠯ ᠰᠠᠤᠠᠭᠢᠴᠠ ᠳᠤ ᠭᠢᠷᠢ ᠵᠡᠷᠭᠡ ᠨᠥᠯᠦᠭᠡ ᠥᠵᠡᠭᠦᠯᠦᠭ᠍ᠰᠡᠨ ᠢ ᠥᠭᠦᠯᠡᠪᠡ᠃

〔ᠵᠠᠩᠭᠢᠯᠠᠭ᠎ᠠ ᠶᠢᠨ ᠥᠭᠡ 〕ᠲ᠋ᠡᠭᠡᠳᠤ ᠮᠤᠩᠭ᠋ᠤᠯ᠂ ᠪᠣᠯᠤᠭᠰᠠᠨ ᠭᠤᠯᠢᠷ᠂ ᠵᠠᠩ ᠣᠢ᠌ᠯᠠ᠂ ᠰᠤᠶᠤᠯ ᠰᠠᠤᠠᠭᠢᠴᠠ


ᠲ᠋ᠡᠭᠡᠳᠤ ᠮᠤᠩᠭ᠋ᠤᠯᠴᠤᠳ ᠬᠦᠬᠡ‍ᠨᠠᠭᠤᠷ ᠤᠨ ᠥᠡᠳᠦᠷᠯᠢᠭ᠌ ᠲᠤ ᠢᠷᠠᠵᠤ ᠣᠯᠠᠨ ᠥᠶ᠎ᠡ ᠶᠢᠨ  ᠲ᠋ᠡᠦᠭᠡᠨ ᠡᠡᠮᠢᠳᠦᠷᠡᠯ ᠢ ᠥᠩᠭᠡᠷᠡᠭᠦᠯᠭᠦ ᠳᠤ ᠪᠠᠨ ᠨᠠᠢ᠌ᠳᠠ ᠮᠤᠩᠭ᠋ᠤᠯ ᠤᠨ ᠢᠳᠡᠭᠡᠨ ᠣᠮᠳᠠᠭᠠᠨ ᠤ ᠰᠤᠶᠤᠯ ᠶᠢᠠᠨ ᠬᠠᠳᠠᠭᠠᠯᠠᠭᠰᠠᠭᠠᠷ ᠪᠠᠢ᠌ᠬᠤ ᠡᠴᠡ ᠭᠠᠳᠠᠨ᠎ᠠ ᠭᠠᠵᠠᠷ ᠣᠷᠤᠨ ᠤ ᠦᠪᠡᠷᠮᠢᠴᠠ ᠣᠠᠴᠠᠯᠢᠭ ᠪᠦᠭᠦᠢ᠌ ᠢᠳᠡᠭᠡᠨ ᠤᠮᠳᠠᠭᠠᠨ ᠤ ᠰᠤᠶᠤᠯ ᠢ ᠴᠤ ᠪᠣᠢ ᠪᠣᠯᠭᠠᠭᠰᠠᠨ ᠪᠠᠢ᠌ᠳᠠᠭ᠃

ᠲ᠋ᠤᠰ ᠥᠭᠦᠯᠡᠯ ᠳᠤ ᠳᠡᠭᠡᠳᠤ ᠮᠤᠩᠭ᠋ᠤᠯᠴᠤᠳ ᠤᠨ ᠭᠦᠭᠡ ᠳᠠᠷᠢᠶᠠᠨ ᠤ ᠪᠣᠯᠤᠭᠰᠠᠨ ᠭᠤᠯᠢᠷ ᠤᠨ ᠵᠠᠩ ᠣᠢ᠌ᠯᠠ᠂ ᠠᠷᠠᠤᠨ ᠤᠨ ᠠᠮᠠᠨ ᠵᠤᠬᠢᠶᠠᠯ ᠤᠨ ᠳᠤᠬᠠᠢ ᠥᠭᠦᠯᠡᠵᠤ ᠳᠡᠭᠦᠨ ᠤ ᠠᠷᠠᠤᠨ ᠤᠨ ᠰᠤᠶᠤᠯ ᠤᠨ ᠰᠠᠤᠠᠭᠢᠴᠠ ᠳᠤ ᠭᠢ ᠨᠥᠯᠦᠭᠡ ᠳᠤᠰᠬᠠᠯ ᠢ ᠬᠠᠢ᠌ᠨ ᠰᠢᠡᠵᠢᠯᠡᠭᠦ ᠪᠠᠷ ᠵᠤᠷᠢᠪᠠ᠃

ᠨᠢᠭᠡ᠂ ᠭᠦᠭᠡ ᠳᠠᠷᠢᠶᠠᠨ ᠤ ᠪᠣᠯᠤᠭᠰᠠᠨ ᠭᠤᠯᠢᠷ ᠤᠨ ᠢᠳᠡᠭᠡᠨ ᠣᠮᠳᠠᠭᠠᠨ ᠤ ᠵᠠᠩ ᠰᠤᠶᠤᠯ

ᠬᠦᠬᠡ‍ᠨᠠᠭᠤᠷ ᠮᠤᠩᠭ᠋ᠤᠯᠴᠤᠳ ᠤᠨ ᠥᠡᠳᠦᠷᠯᠢᠭ᠌ ᠭᠠᠵᠠᠷ ᠤᠨ ᠠᠵᠤ ᠠᠮᠢᠳᠤᠷᠠᠯ ᠳᠤ ᠭᠦᠭᠡ ᠳᠠᠷᠢᠶᠠᠨ ᠤ ᠪᠣᠯᠤᠭᠰᠠᠨ ᠭᠤᠯᠢᠷ ᠴᠢᠬᠤᠯᠠ ᠪᠠᠢ᠌ᠷᠢ ᠶᠢ ᠡᠵᠡᠯᠡᠵᠤ ᠢᠷᠡᠭ᠍ᠰᠡᠨ ᠶ‍ᠦᠮ᠃ ᠲ᠋ᠡᠭᠡᠳᠤ ᠮᠤᠩᠭ᠋ᠤᠯ ᠤᠨ 《ᠬᠠᠷᠢᠮ᠎ᠠ ᠶᠢᠨ ᠰᠠᠩ ᠤᠨ ᠶᠤᠰᠤᠨ》 ① ᠳ᠋ᠤ ᠳᠠᠷᠢᠶ᠎ᠠ ᠪᠠᠨ ᠬᠠᠳᠤᠵᠤ ᠠᠪᠣᠭᠠᠤᠨ ᠬᠠᠷᠢᠮ᠎ᠠ ᠡᠭᠢᠯᠡᠭᠦ ᠦᠶ᠎ᠡ ᠳᠤ 《ᠪᠠᠶᠠᠨ ᠯᠠᠮᠠ \ ᠪᠠᠶᠠᠨ‍ᠣ᠋ᠪᠣᠭ᠎ᠠ \ ᠡᠮᠦᠨᠡᠳᠤ ᠡᠷᠳᠡᠨᠢ \ ᠬᠣᠢ᠌ᠳᠤ ᠡᠷᠳᠡᠨᠢ \ ᠰᠡᠷᠭᠡ ᠡᠪᠢ \ ᠠᠯᠳᠠᠨ ᠳᠠᠪᠰᠢ \ ᠳᠠᠯᠢᠩ ᠶᠢᠡᠨ \ ᠳᠡᠯᠪᠠᠷᠡᠭᠦᠯᠵᠤ ᠥᠷᠦᠰᠢᠶᠡ︕ \ ᠬᠠᠴᠠᠷ ᠶᠢᠠᠨ \ ᠬᠠᠭᠠᠯᠵᠤ ᠬᠠᠢ᠌ᠷᠠᠯᠠ︕ \ ᠠᠳᠠᠨ ᠳᠡᠮᠡᠭᠡᠨ ᠤ \ ᠬᠤᠮ ᠳᠠᠪᠠᠭᠤᠯᠵᠤ \ ᠠᠭᠳᠠ ᠮᠤᠷᠢᠨ ᠤ \ᠰᠠᠢ᠌ᠷᠢ ᠳᠠᠪᠠᠭᠤᠯᠤᠭᠰᠠᠨ \ ᠬᠤᠷ᠎ᠠ ᠮᠦᠨᠳᠤᠷ ᠰᠢᠩᠭᠢ \ ᠭᠦᠭᠡ ᠲ᠋ᠡᠷᠢᠶ᠎ᠡ ᠪᠠᠨ ᠶᠡᠭᠦᠯᠡᠵᠤ ᠥᠷᠦᠰᠢᠶᠡ᠁》 ᠭᠡᠵᠤ ᠦᠨᠳᠦᠷ ᠲ᠋ᠠᠭᠤᠨ ᠶᠢᠠᠷ ᠢᠷᠦᠭᠡᠵᠤ ᠪᠠᠢ᠌ᠳᠠᠭ ᠡᠴᠡ ᠪᠢᠳᠠ ᠳᠡᠭᠡᠳᠤ ᠮᠤᠩᠭ᠋ᠤᠯᠴᠤᠳ ᠮᠠᠯ ᠮᠠᠯᠯᠠᠵᠤ᠂ ᠠᠩ ᠭᠦᠷᠦᠭᠡ ᠭᠢᠭᠦ ᠡᠴᠡ ᠭᠠᠳᠠᠨ᠎ᠠ ᠪᠠᠰᠡ 《ᠭᠦᠭᠡ ᠳᠠᠷᠢᠶᠠᠨ》 ᠊ᠤ ᠳᠠᠷᠢᠯᠭ᠎ᠠ ᠭᠠᠷᠤᠯᠳᠠ ᠶᠢ ᠮᠠᠰᠢ ᠴᠢᠬᠤᠯᠠᠴᠢᠯᠠᠵᠤ ᠢᠷᠡᠭ᠍ᠰᠡᠨ ᠢ ᠮᠠᠳᠠᠵᠤ ᠪᠣᠯᠤᠨ᠎ᠠ᠃ 《ᠳᠡᠪᠰᠢ》 ᠭᠡᠳᠡᠭ᠌ ᠨᠢ ᠳᠡᠭᠡᠳᠤ ᠮᠤᠩᠭ᠋ᠤᠯᠴᠤᠳ ᠤᠨ 《ᠭᠦᠭᠡ ᠳᠠᠷᠢᠶ᠎ᠠ》 ᠪᠠᠨ ᠬᠠᠭᠤᠷᠴᠤ ᠪᠣᠳᠠᠭ᠎ᠠ ᠪᠠᠨ ᠬᠠᠭᠤᠷᠤᠭᠰᠠᠨ ᠬᠠᠯᠠᠭᠤᠨ ᠡᠯᠡᠰᠤᠨ ᠡᠴᠡ ᠨᠢ ᠢᠯᠭᠠᠵᠤ ᠰᠢᠭ᠍ᠰᠢᠳᠡᠭ᠌ 《ᠰᠢᠭ᠍ᠰᠢᠭᠦᠷ ᠳᠠᠪᠰᠢ》 ᠵᠢ᠌ ᠵᠢᠭᠠᠳᠠᠭ ᠶᠢᠡᠷ ᠪᠠᠷᠠᠬᠤ ᠦᠭᠡᠶ᠂ ᠰᠢᠭ᠍ᠰᠢᠭᠦᠷ ᠳᠠᠪᠰᠢ ᠶᠢᠨ ᠳᠦᠷᠰᠦ ᠭᠡᠯᠪᠠᠷᠢ ᠪᠣᠶᠤ ᠣᠷᠠᠯᠠᠨ ᠳᠤᠮᠤᠭᠴᠢᠯᠠᠵᠤ ᠨᠡᠷᠡᠯᠡᠭ᠍ᠰᠡᠨ ᠭᠠᠵᠠᠷ ᠣᠰᠤ ᠶᠢ ᠴᠤ ᠵᠢᠭᠠᠵᠤ ᠪᠠᠢ᠌ᠳᠠᠭ᠃ ᠲ᠋ᠡᠭᠡᠳᠤ ᠮᠤᠩᠭ᠋ᠤᠯ ᠤᠨ 《ᠭᠡᠦᠭᠡᠤᠨ ᠤᠨ ᠥᠷᠪᠦᠭᠡ ᠶᠢᠨ ᠢᠷᠦᠭᠡᠯ》 ② ᠳ᠋ᠤ 《ᠪᠣᠭᠤᠳᠠᠢ ᠳᠠᠷᠢᠶᠠᠨ ᠮᠠᠳᠤ \ ᠪᠣᠶᠠᠨ ᠭᠡᠰᠢᠭ ᠳᠡᠯᠭᠡᠷᠡᠭᠦ ᠪᠣᠯᠳᠤᠭᠠᠢ \ ᠠᠷᠪᠠᠢ ᠳᠡᠷᠢᠶᠡᠨ (ᠭᠦᠭᠡ ᠳᠠᠷᠢᠶᠠᠨ) ᠮᠠᠳᠤ \ ᠠᠮᠢ ᠨᠠᠰᠤᠨ ᠴᠢᠨᠢ ᠣᠷᠳᠤ ᠪᠠᠢ᠌ᠬᠤ ᠪᠤᠯᠳᠤᠭᠠᠢ》 ᠭᠡᠮᠡᠨ ᠭᠡᠦᠭᠡᠤᠨ ᠤᠨ 《ᠪᠣᠶᠠᠨ ᠭᠡᠰᠢᠭ᠌》᠂ 《ᠠᠮᠢ ᠨᠠᠰᠤ》 ᠵᠢ᠌ ᠣᠷᠭᠤᠨ ᠳᠡᠯᠭᠡᠷᠡᠵᠤ ᠪᠠᠢ᠌ᠭ᠎ᠠ 《ᠪᠣᠭᠤᠳᠠᠢ ᠳᠠᠷᠢᠶᠠᠨ》 ᠪᠣᠶᠤ 《ᠠᠷᠪᠠᠢ ᠲᠠᠷᠢᠶᠠᠨ》 ᠊ᠤ ᠪᠣᠶᠠᠨ ᠭᠡᠰᠢᠭ᠌ ᠠᠮᠢ ᠨᠠᠰᠤ ᠲᠡᠶ ᠵᠣᠢ᠌ᠷᠯᠠᠨ ᠬᠤᠯᠪᠣᠵᠤ ᠭᠦᠮᠤᠨ ᠤ ᠠᠮᠢᠳᠤᠷᠠᠯ ᠤᠨ ᠵᠢᠮ᠎ᠠ ᠶᠤᠰᠤ ᠶᠢ ᠢᠯᠡᠳᠭᠡᠵᠤ ᠪᠠᠢ᠌ᠳᠠᠭ ᠪᠣᠯ ᠭᠡᠦᠭᠡᠤᠨ ᠶᠢᠡᠨ ᠭᠦᠮᠤᠨ ᠤ ᠵᠡᠷᠭᠡ ᠳᠤ ᠭᠦᠷᠴᠤ ᠠᠢ᠌ᠯ ᠠᠯᠪᠠᠳᠤ ᠪᠣᠯᠵᠤ ᠬᠤᠷᠢᠮ ᠤᠨ ᠶᠤᠰᠤᠯᠠᠯ ᠭᠢᠭᠦ ᠳᠤ ᠳᠡᠭᠡᠳᠤ ᠮᠤᠩᠭ᠋ᠤᠯᠴᠦᠳ ᠪᠠᠰᠠ ᠰᠢᠨ᠎ᠠ ᠪᠠᠷᠢ ᠰᠢᠨ᠎ᠠ ᠭᠦᠷᠭᠡᠨ ᠶᠢᠡᠨ ᠭᠡᠷ ᠤᠨ ᠭᠠᠳᠠᠨ᠎ᠠ ᠲᠤᠩ ᠴᠠᠭᠠᠨ ᠢᠰᠡᠭᠡᠢ ᠳᠡᠭᠡᠷ᠎ᠡ ᠰᠠᠭᠤᠯᠭᠠᠨ ᠭᠦᠭᠡ ᠳᠠᠷᠢᠶ᠎ᠠ ᠪᠠᠷ ᠶᠤᠭᠤᠷᠠᠩ ③ ᠡᠷᠢᠶᠡᠯᠡᠵᠤ ᠱᠠᠭ᠎ᠠ ᠴᠢᠮᠦᠭᠡ ᠠᠤᠠᠬᠤᠭᠤᠯᠤᠨ ᠰᠢᠷ᠎ᠠ ᠨᠠᠷᠠᠨ ᠳᠤ ᠮᠥᠷᠭᠦᠭᠦᠯᠵᠤ ᠪᠠᠢ᠌ᠳᠠᠭ᠃ ᠡᠨᠡ ᠭᠦ ᠶ‍ᠦᠰᠤ ᠵᠠᠩᠰᠢᠯ ᠨᠢ ᠳᠡᠭᠡᠳᠤ ᠮᠤᠩᠭ᠋ᠤᠯᠴᠤᠳ ᠤᠨ ᠠᠵᠤ ᠠᠮᠢᠳᠤᠷᠠᠯ ᠳᠤ ᠭᠦᠭᠡ ᠳᠠᠷᠢᠶ᠎ᠠ ᠪᠣᠶᠤ ᠭᠦᠭᠡ ᠳᠠᠷᠢᠶᠠᠨ ᠤ ᠪᠣᠯᠤᠭᠰᠠᠨ ᠭᠤᠯᠢᠷ ᠣᠠᠴᠠᠭᠠᠢ ᠨᠢᠭᠡᠨ ᠢᠳᠡᠭᠡᠨ ᠣᠮᠳᠠᠭᠠᠨ ᠤ ᠰᠤᠶᠤᠯ ᠤᠨ ᠨᠠᠢ᠌ᠷᠠᠭ ᠪᠣᠯᠤᠭᠰᠠᠨ ᠢ ᠬᠠᠷᠠᠭᠤᠯᠵᠤ ᠪᠤᠢ᠃ ᠲ᠋ᠡᠭᠡᠳᠤ ᠮᠤᠩᠭ᠋ᠤᠯ ᠤᠨ ᠣᠨᠢᠰᠤᠭ᠎ᠠ ᠳᠤ ᠳᠡᠭᠡᠷᠮ᠎ᠡ ᠪᠠᠷ ᠭᠤᠯᠢᠷ ᠳᠡᠳᠡᠬᠤ ᠶᠢ 《ᠡᠯᠢᠶ᠎ᠡ ᠡᠷᠭᠢᠭᠡᠤᠨ ᠪᠠᠢ᠌ᠵᠡᠢ \ ᠡᠯᠡᠰᠤᠨ ᠨᠤᠷᠠᠭᠠᠤᠨ ᠪᠠᠢ᠌ᠵᠠᠢ》 《ᠳᠤᠭᠤᠷᠤᠤ ᠡᠷᠭᠢᠭᠡᠤᠨ ᠪᠠᠢ᠌ᠵᠡᠢ᠂ ᠳᠤᠭᠤᠰᠤ ᠮᠠᠨᠠᠷᠠᠭᠠᠤᠨ ᠪᠠᠢ᠌ᠵᠠᠢ》 ᠭᠡᠮᠡᠨ ᠳᠦᠷᠰᠦᠯᠢᠭ᠌ ᠰᠠᠢ᠌ᠬᠠᠨ ᠨᠠᠢ᠌ᠷᠠᠭᠤᠯᠵᠤ ᠭᠡᠯᠡᠭ᠍ᠰᠡᠨ ᠪᠠᠢ᠌ᠳᠠᠭ᠃ ᠴᠢᠯᠡᠭᠤᠨ ᠲᠡᠭᠡᠷᠮ᠎ᠡ ᠶᠢᠨ ᠳᠤᠰ ᠪᠠᠶ᠎ᠠ ᠶᠢ ᠴᠤ 《ᠦᠷᠦᠭᠡᠰᠤᠨ ᠡᠪᠠᠷ ᠲᠡᠶ ᠭᠦᠭᠡ ᠪᠣᠬ᠎ᠠ \ ᠡᠳᠦᠷ ᠤᠨ ᠳᠠᠰ ᠠᠢ᠌ᠯ ᠡᠷᠭᠢᠨ᠎ᠡ》 ᠭᠡᠮᠡᠨ ᠮᠤᠩᠭ᠋ᠤᠯ ᠭᠦᠮᠤᠨ ᠤ ᠬᠠᠮᠤᠭ ᠰᠠᠢ᠌ᠨ ᠮᠡᠳᠡᠳᠡᠭ᠌ ᠭᠦᠭᠡ ᠪᠣᠬ᠎ᠠ ᠪᠠᠷ 《ᠴᠢᠯᠠᠭᠤᠨ ᠳᠡᠭᠡᠷᠮ᠎ᠡ》 ᠵᠢ ᠠᠮᠢᠳᠤᠴᠢᠯᠠᠨ ᠳᠦᠷᠰᠦᠯᠡᠭᠦ ᠶᠢᠨ ᠬᠠᠮᠳᠤ᠂ ᠬᠠᠭᠤᠴᠢᠨ ᠨᠡᠢ᠌ᠭᠡᠮ ᠤᠨ ᠶᠠᠳᠠᠭᠤ ᠵᠥᠳᠡᠭᠦᠤ ᠴᠠᠭ ᠲᠤ ᠠᠢ᠌ᠯ ᠪᠣᠯᠭᠠᠨ ᠳᠤ ᠭᠤᠯᠢᠷ ᠲᠠᠳᠠᠳᠠᠭ ᠴᠢᠯᠠᠭᠤᠨ ᠳᠡᠭᠡᠷᠮ᠎ᠡ ᠪᠠᠢ᠌ᠳᠠᠭ ᠦᠭᠡᠶ᠂ ᠬᠠᠷᠢᠨ ᠬᠠᠶᠠ ᠨᠢᠭᠡᠨ ᠠᠢ᠌ᠯ ᠳᠤ ᠪᠠᠢ᠌ᠳᠠᠭ ᠲᠡᠭᠡᠷᠮ᠎ᠡ ᠪᠠᠨ ᠡᠳᠦᠷᠵᠢᠨ ᠠᠢ᠌ᠯ ᠪᠣᠯᠭᠠᠨ ᠡᠭᠡᠯᠵᠢᠯᠡᠨ ᠭᠡᠷᠡᠭᠯᠡᠳᠡᠭ᠌ ᠪᠠᠢ᠌ᠭᠰᠠᠨ ᠠᠵᠤ ᠪᠠᠢ᠌ᠳᠠᠯ ᠢ ᠴᠤ ᠳᠤᠰᠬᠠᠭᠰᠠᠨ ᠪᠠᠢ᠌ᠳᠠᠭ᠃ ᠲ᠋ᠠᠷᠠᠴᠢᠯᠠᠨ ᠭᠦᠭᠡ ᠳᠠᠷᠢᠶ᠎ᠠ ᠪᠠᠨ ᠣᠰᠤᠳᠠᠨ ᠬᠠᠭᠤᠷᠬᠤ ᠳᠤ ᠭᠡᠷᠡᠭᠯᠡᠳᠡᠭ᠌ ᠪᠠᠭᠠᠵᠢ ᠭᠡᠷᠡᠭ᠍ᠰᠡᠯ ᠤᠨ ᠨᠢᠭᠡᠨ ᠪᠣᠯᠬᠤ 《ᠶᠤᠭᠳᠤ》 ᠵᠢᠨ ᠲ᠋ᠤᠯᠭᠠᠨ ᠳᠤ ᠭᠢ ᠬᠠᠯᠠᠭᠤᠨ ᠬᠠᠢ᠌ᠰᠤ ④ ᠬᠠᠯᠠᠭᠰᠠᠨ ᠡᠯᠡᠰᠤᠨ ᠳ᠋ᠤ ᠬᠠᠯᠠ ᠪᠠᠯᠠ ᠦᠭᠡᠶ ᠬᠤᠤᠠᠬᠤᠭᠳᠠᠨ ᠣᠷᠤᠳᠠᠭ ᠪᠠᠢ᠌ᠳᠠᠯᠢ ᠴᠤ 《ᠦᠢ᠌ ᠲᠦᠮᠡᠨ ᠪᠠᠢ᠌ᠯᠳᠤᠭᠠᠨ ᠤ ᠳᠤᠮᠳᠠ \ ᠥᠮᠦᠭᠦᠷ ᠪᠣᠷᠤ ᠪᠠᠭᠠᠳᠤᠷ》 ᠭᠡᠮᠡᠨ ᠭᠦᠮᠦᠡᠴᠢᠯᠡᠨ ᠳᠦᠷᠰᠦᠯᠠᠵᠤ ᠭᠦᠮᠤᠨ ᠲᠦᠷᠦᠯᠭᠢᠳᠠᠨ ᠤ ᠳᠠᠢ᠌ᠨ ᠪᠠᠢ᠌ᠯᠳᠤᠭᠠᠨ ᠲᠡᠶ ᠬᠤᠯᠪᠣᠵᠤ ᠳᠠᠭᠠᠭᠠᠯᠭᠠᠳᠠᠭ ᠪᠠᠢ᠌ᠨ᠎ᠠ᠃

ᠡᠭᠦᠨ ᠡᠴᠡ ᠭᠠᠳᠠᠨ᠎ᠠ ᠳᠡᠭᠡᠳᠤ ᠮᠤᠩᠭ᠋ᠤᠯᠴᠤᠳ ᠲᠤ ᠭᠦᠭᠡ ᠳᠠᠷᠢᠶ᠎ᠠ ᠪᠠᠷ ᠶᠡᠭᠦᠷᠴᠡᠭ᠌ ⑤ ᠭᠢᠵᠤ ᠢᠳᠡᠭᠦ ᠪᠤᠶᠤ ᠭᠦᠭᠡᠭᠡ ᠡᠪᠦᠯ ᠤᠨ ᠶ‍ᠢᠰᠤ ᠳ᠋ᠤ ᠨᠢᠯᠬ᠎ᠠ ᠬᠤᠷᠠᠭᠠᠨ ᠤ ᠭᠦᠯ ᠭᠦᠯᠳᠡᠵᠤ ᠲ᠋ᠠᠭᠠᠷᠠᠪᠠᠯ ᠭᠦᠭᠡ ᠳᠠᠷᠢᠶ᠎ᠠ ᠪᠠᠷ ᠴᠤᠷᠯᠠᠨ ᠡᠮᠨᠡᠵᠤ᠂ ᠬᠤᠷᠠᠭ᠎ᠠ ᠢᠰᠢᠭᠡ ᠬᠠᠷᠠᠩᠭ᠋ᠣᠢ᠌ᠯᠠᠵᠤ ᠣᠨᠠᠪᠠᠯ ᠪᠣᠯᠤᠭᠰᠠᠨ ᠭᠤᠯᠢᠷ ᠤᠨ ᠵᠤᠳᠠᠩ ᠴᠢᠤᠠᠬᠤᠵᠤ ᠪᠤᠰᠭᠠᠳᠠᠭ᠃ ᠳᠡᠮᠡᠭᠡ ᠪᠣᠳᠤᠭᠤ ᠪᠠᠨ ᠭᠤᠯᠤᠪᠠᠯ ᠪᠤᠷᠦᠭᠤ ᠲ᠋ᠠᠯ᠎ᠠ ᠡᠤᠷᠤᠭᠤ ᠨᠢ ᠲᠡᠭᠡᠷᠮ᠎ᠡ ᠶᠢᠨ ᠳᠠᠯ᠎ᠠ ᠭᠠᠨᠵᠤᠭᠠᠯᠡᠵᠤ ᠭᠦᠶ‍ᠦᠯᠭᠡᠳᠡᠭ᠌ ᠵᠡᠷᠭᠡ ᠶᠤᠰᠤ ᠵᠠᠩᠰᠢᠯ ᠲᠠᠢ᠃ ᠱᠠᠰᠢᠨ ᠰᠢᠳᠦᠯᠭᠡ ᠶᠢᠨ ᠳᠠᠯ᠎ᠠ ᠪᠠᠷ ᠪᠣᠯᠤᠭᠰᠠᠨ ᠭᠤᠯᠢᠷ ᠢ ᠠᠷᠴᠠ ᠪᠣᠶᠤ ᠥᠭᠡᠷ᠎ᠡ ᠶᠠᠭᠤᠮ᠎ᠠ ᠲᠡᠶ ᠬᠤᠯᠢᠵᠤ ᠰᠠᠩ ᠰᠠᠪᠰᠠᠷ ᠳᠠᠯᠪᠢᠳᠠᠭ᠃ ᠭᠦᠮᠤᠨ ᠤ ᠪᠠᠶ᠎ᠠ ᠮᠠᠭᠤᠳᠠᠵᠤ ᠣᠬᠠᠭ᠎ᠠ ᠠᠯᠳᠠᠬᠤ ᠳᠤ ᠴᠤ ᠪᠣᠯᠤᠭᠰᠠᠨ ᠭᠤᠯᠢᠷ ᠢ ᠳᠤᠰᠤᠨ ᠳᠤ ᠰᠢᠮᠪᠣᠷᠯᠠᠵᠤ ᠬᠠᠮᠠᠷ ᠠᠮᠠ ᠨᠢᠳᠤ ᠨᠢᠭᠤᠷ ᠲᠤ ᠨᠢ ᠳᠦᠷᠭᠢᠵᠤ ᠠᠷᠴᠠ ᠲᠡᠶ ᠪᠣᠯᠤᠭᠰᠠᠨ ᠭᠤᠯᠢᠷ ᠵᠢᠠᠷ ᠣᠳᠤᠳᠠᠭ ᠶᠤᠰᠤ ᠲᠡᠶ᠃ ᠡᠨᠡ ᠪᠦᠭᠦᠨ ᠪᠣᠯ ᠭᠦᠭᠡ ᠳᠠᠷᠢᠶ᠎ᠠ ᠪᠣᠶᠤ ᠭᠦᠭᠡ ᠳᠠᠷᠢᠶᠠᠨ ᠤ ᠪᠣᠯᠤᠭᠰᠠᠨ ᠭᠤᠯᠢᠷ ᠨᠢ ᠠᠯᠢ ᠡᠷᠳᠡ ᠥᠶ᠎ᠡ ᠡᠴᠡ ᠳᠡᠭᠡᠳᠤ ᠮᠤᠩᠭ᠋ᠤᠯᠴᠦᠳ ᠤᠨ ᠠᠵᠤ ᠠᠮᠢᠳᠤᠷᠠᠯ ᠤᠨ ᠵᠠᠩ ᠣᠢ᠌ᠯᠠ ᠳ᠋ᠤ ᠦᠪᠡᠷ ᠤᠨ ᠭᠡᠮᠡᠭᠦ ᠢᠳᠡᠭᠡᠨ ᠤᠮᠳᠠᠭᠠᠨ ᠤ ᠣᠷᠤᠨ ᠵᠠᠢ ᠪᠠᠨ ᠡᠵᠡᠯᠡᠵᠤ ᠰᠤᠶᠤᠯᠵᠢᠨ ᠢᠳᠡᠭᠡᠰᠢᠵᠤ ᠢᠷᠡᠭ᠍ᠰᠡᠨ ᠪᠣᠳᠠᠳᠤ ᠢᠯᠠᠷᠠᠯ ᠪᠣᠯᠤᠨ᠎ᠠ᠃

ᠭᠦᠭᠡ ᠳᠠᠷᠢᠶ᠎ᠠ 《ᠨᠤᠬᠠᠢ ᠶᠢᠨ ᠬᠤᠰᠢᠭᠤ》 ᠪᠣᠯ ᠥᠡᠳᠦᠷᠯᠢᠭ᠌ ᠭᠠᠵᠠᠷ ᠣᠷᠭᠤᠵᠤ ᠪᠣᠯᠪᠠᠰᠤᠷᠠᠳᠠᠭ ᠨᠢᠭᠡ ᠵᠣᠢ᠌ᠯ ᠤᠨ ᠠᠮᠤ ᠪᠣᠳᠠᠭ᠎ᠠ ᠪᠣᠯᠤᠨ᠎ᠠ᠃ ᠳᠡᠭᠡᠳᠤ ᠮᠤᠩᠭ᠋ᠤᠯᠴᠤᠳ ᠳᠡᠭᠦᠨ ᠶᠢᠡᠷ ᠭᠤᠯᠢᠷ ᠳᠠᠯᠬᠠᠳᠠᠵᠤ ᠢᠳᠡᠳᠡᠭ᠌ ᠣᠠᠴᠠᠭᠠᠢ ᠵᠠᠩᠰᠢᠯ ᠲᠡᠶ᠃ ᠪᠣᠯᠤᠭᠰᠠᠨ ᠭᠤᠯᠢᠷ ᠭᠢᠭᠦ ᠠᠷᠭ᠎ᠠ ᠨᠢ ᠭᠡᠪᠠᠯ ᠵᠠᠪᠠᠯ ᠣᠷᠢᠳᠠᠪᠠᠷ ᠭᠦᠭᠡ ᠳᠠᠷᠢᠶ᠎ᠠ ᠪᠠᠨ ᠰᠠᠯᠭᠢᠨ ᠳᠤ ᠭᠡᠢ᠌ᠰᠭᠡᠨ ᠴᠢᠯᠠᠭᠤ ᠰᠢᠷᠤᠢ ᠶᠢ ᠨᠢ ᠴᠠᠪᠠᠷᠯᠠᠵᠤ᠂ ᠪᠣᠴᠠᠯᠤᠭᠰᠠᠨ ᠣᠰᠤᠨ ᠳᠤ ᠭᠢᠵᠤ ᠣᠰᠤᠳᠤᠭᠠᠤᠨ ᠳᠠᠭᠢᠨ ᠳᠡᠯᠭᠡᠨ ᠬᠠᠳᠠᠭᠠᠵᠤ᠂ ᠰᠢᠷᠠᠮᠤᠨ ᠬᠠᠢ᠌ᠰᠤᠨ ᠳᠤ ᠡᠯᠡᠰᠤ ᠣᠯᠠᠢ᠌ᠳᠬᠠᠭᠠᠳ ᠰᠢᠨᠠᠭ᠎ᠠ ᠪᠠᠷ ᠲ᠋ᠠᠷᠢᠶ᠎ᠠ ᠪᠠᠨ ᠭᠢᠵᠤ ᠶᠤᠭᠳᠤ (ᠲ᠋ᠠᠷᠢᠶ᠎ᠠ ᠬᠠᠭᠤᠷᠬᠤ ᠪᠠᠭᠠᠵᠢ) ᠪᠠᠷ ᠬᠤᠳᠬᠤᠨ ᠳᠠᠷᠢᠶ᠎ᠠ ᠪᠠᠨ ᠪᠤᠯᠭᠠᠭᠠᠳ ᠲ᠋ᠡᠭᠢᠨ ᠰᠢᠭ᠍ᠰᠢᠭᠦᠷ ᠲ᠋ᠤ ᠪᠠᠨ ᠭᠢᠵᠤ ᠡᠯᠡᠰᠤ ᠵᠢ ᠨᠢ ᠬᠠᠢ᠌ᠰᠤᠨ ᠳᠤ ᠪᠠᠨ ᠰᠢᠭ᠍ᠰᠢᠵᠤ ᠳᠠᠷᠢᠶ᠎ᠠ ᠪᠠᠨ ᠢᠯᠭᠠᠵᠤ ᠠᠪᠳᠠᠭ᠃ ᠢᠩᠭᠢᠵᠤ ᠬᠠᠭᠤᠷᠴᠤ ᠪᠠᠷᠠᠭᠰᠠᠨ ᠤ ᠳᠠᠷᠠᠭ᠎ᠠ ᠳᠠᠷᠢᠶ᠎ᠠ ᠪᠠᠨ ᠭᠠᠷ ᠳᠡᠭᠡᠷᠮ᠎ᠡ ᠪᠠᠷ ᠳᠠᠳᠠᠵᠤ ᠭᠤᠯᠢᠷ ᠪᠣᠯᠭᠠᠳᠠᠭ᠃ ᠭᠤᠯᠢᠷ ᠶᠢᠡᠨ ᠢᠳᠡᠭᠦ ᠠᠷᠭ᠎ᠠ ᠨᠢ ᠶᠠᠷᠤ ᠶᠢᠨ ᠪᠠᠢ᠌ᠳᠠᠯ ᠳᠤ ᠳᠤᠤᠷᠠᠭᠢ ᠮᠠᠳᠤ ᠵᠠᠩᠰᠢᠯ ᠲᠡᠶ᠄

(ᠨᠢᠭᠡ) ᠪᠤᠯᠤᠭᠰᠠᠨ ᠭᠤᠯᠢᠷ ᠲᠤ ᠪᠠᠨ ᠴᠥᠷᠮ᠎ᠡ(ᠱᠥᠭᠦᠷᠮᠡᠭ᠌)᠂ ᠬᠠᠷ᠎ᠠ ᠴᠠᠭᠠᠨ ᠰᠢᠭᠢᠷ ᠶᠢᠡᠷ ᠬᠤᠯᠢᠴᠠ ᠭᠢᠵᠤ᠂ ᠴᠠᠢ ᠪᠠᠷ ᠰᠢᠭᠦᠰᠤ ᠭᠢᠭᠡᠤᠨ ᠨᠤᠬᠤᠵᠤ ᠢᠳᠡᠳᠡᠭ᠌᠃ ᠡᠭᠦᠨ ᠢ 《ᠭᠤᠯᠢᠷ ᠢᠳᠡᠭᠦ》 ᠭᠡᠳᠡᠭ᠌᠃

(ᠬᠤᠶᠠᠷ) ᠪᠣᠯᠤᠭᠰᠠᠨ ᠭᠤᠯᠢᠷ ᠶᠢᠠᠨ ᠠᠶᠠᠭ᠎ᠠ ᠶᠢᠨ ᠵᠢᠡᠨ ᠨᠢᠭᠡ ᠳᠠᠯ᠎ᠠ ᠳᠤ ᠨᠢᠮᠭᠡᠯᠡᠵᠤ ᠳᠠᠷᠤᠭᠠᠤᠨ ᠦᠷᠦᠮ᠎ᠡ᠂ ᠳᠤᠰᠤ᠂ ᠴᠦᠷᠮ᠎ᠠ ᠲ᠋ᠠᠯᠪᠢᠵᠤ ᠴᠠᠢ ᠭᠢᠵᠤ ᠣᠤᠭᠤᠳᠠᠭ᠃ ᠡᠭᠦᠨ ᠶᠢᠡᠨ ᠳᠡᠭᠡᠳᠤ ᠮᠤᠩᠭ᠋ᠤᠯᠴᠤᠳ ᠬᠤᠰᠢᠭᠤᠨ ᠬᠤᠰᠢᠭᠤᠨ ᠳᠤ ᠠᠳᠠᠯᠢ ᠦᠭᠡᠶ ᠪᠠᠷ 《ᠦᠨᠦᠷ》᠂ 《ᠠᠮᠳᠠ》᠂ 《ᠰᠠᠴᠤᠮᠠᠯ》᠂ 《ᠨᠠᠭᠠᠮᠠᠯ》᠂ 《ᠳᠠᠷᠤᠮᠠᠯ》᠂ 《ᠺᠠᠵᠢᠭ》 ᠭᠡᠭᠦᠴᠢᠯᠡᠨ ᠤᠯᠡᠨ ᠶᠡᠩᠵᠤ ᠪᠠᠷ ᠨᠡᠷᠡᠢ᠌ᠦᠡᠴᠤ ᠪᠠᠢ᠌ᠳᠠᠭ᠃ ᠳᠡᠭᠡᠭᠡᠳ ᠲ᠋ᠡᠭᠦᠨ ᠲ᠋ᠡᠭᠡᠷ᠎ᠡ ᠪᠠᠨ ᠭᠤᠯᠢᠷ ᠨᠠᠮᠠᠵᠤ ᠢᠳᠡᠭᠦ ᠦᠭᠡᠶ ᠴᠠᠢ ᠳᠤ ᠪᠠᠨ ᠬᠤᠤᠠᠬᠤᠵᠤ ᠣᠤᠭᠤᠬᠤ ᠶᠢ 《ᠬᠤᠷᠰᠢᠩ ᠣᠤᠭᠤᠬᠤ》 ᠭᠡᠳᠡᠭ᠌᠃ ᠡᠨᠡ ᠪᠣᠯ ᠲᠤᠩ ᠳᠦᠭᠦᠮ ᠮᠥᠷᠳᠡᠭᠡᠨ ᠦᠯ ᠳᠠᠷᠤᠬᠤ ᠥᠷᠯᠦᠭᠡ ᠡᠷᠳᠡ ᠶᠢᠨ ᠰᠠᠢ᠌ᠨ ᠬᠤᠭᠤᠯᠠ ᠮᠦᠨ᠃

(ᠭᠤᠷᠪᠠ) ᠪᠣᠯᠤᠭᠰᠠᠨ ᠭᠤᠯᠢᠷ ᠶᠢᠠᠨ ᠳᠤᠰᠤ᠂ ᠴᠦᠷᠮ᠎ᠠ ᠪᠠᠷ ᠨᠠᠢ᠌ᠷᠠᠭᠤᠯᠵᠤ ᠨᠤᠭᠤᠭᠠᠨ ᠴᠠᠢ ᠭᠢᠵᠤ ᠬᠤᠷᠰᠢᠵᠤ ᠤᠤᠭᠤᠳᠠᠭ᠃ ᠡᠭᠦᠨ ᠵᠢᠠᠨ 《ᠴᠦᠠᠳᠤᠷ ᠣᠤᠭᠤᠬᠤ》 ᠭᠡᠳᠡᠭ᠌᠃ ᠡᠨᠡ ᠪᠣᠯ ᠭᠡᠢ ᠬᠤᠢ ᠳᠠᠷᠤᠬᠤ ᠲᠤᠩ ᠰᠠᠢ᠌ᠨ ᠬᠤᠭᠤᠯᠠ ᠪᠣᠯᠤᠨ᠎ᠠ᠃

ᠨᠠᠩ ᠴᠤ ᠭᠦᠭᠡ ᠳᠠᠷᠢᠶᠠᠨ ᠤ ᠪᠣᠯᠤᠭᠰᠠᠨ ᠭᠤᠯᠢᠷ ᠨᠢ ᠴᠠᠭ ᠦᠶ᠎ᠡ ᠶᠢᠨ ᠭᠦᠭ᠍ᠵᠢᠯ ᠬᠤᠪᠢᠷᠠᠯ ᠪᠣᠯᠤᠨ ᠭᠦᠮᠦᠰ ᠤᠨ ᠠᠵᠤ ᠠᠮᠢᠳᠤᠷᠠᠯ ᠤᠨ ᠬᠤᠪᠢᠷᠠᠯᠳᠠ ᠶᠢ ᠳᠠᠭᠠᠯᠳᠤᠨ ᠳᠡᠭᠡᠳᠤ ᠮᠤᠩᠭ᠋ᠤᠯᠴᠤᠳ ᠤᠨ ᠢᠳᠡᠭᠡᠨ ᠣᠮᠳᠠᠭᠠᠨ ᠤ ᠵᠠᠩ ᠵᠠᠩᠰᠢᠯ ᠤᠨ ᠪᠦᠷᠢᠯᠳᠦᠴᠡ ᠳ᠋ᠤ ᠡᠷᠭᠢᠮ ᠰᠢᠳᠦᠭᠡᠨ ᠤ ᠰᠤᠷᠪᠣᠯᠵᠢ ᠪᠣᠯᠵᠤ᠂ ᠣᠯᠠᠮ ᠶᠢᠡᠷ ᠣᠶᠤᠨ ᠤ ᠰᠤᠶᠤᠯ ᠪᠣᠯᠵᠤ ᠭᠦᠭ᠍ᠵᠢᠭ᠍ᠰᠡᠨ ᠨᠢ ᠶᠡᠭᠡ ᠰᠤᠨᠢᠷᠬᠠᠯᠳᠠᠢ ᠶ‍ᠦᠮ᠃ ᠳᠡᠭᠡᠳᠤ ᠮᠤᠩᠭ᠋ᠤᠯ ᠤᠨ ᠵᠥᠢᠷ ᠰᠡᠴᠡᠨ ᠥᠭᠡᠨ ᠳᠤ 《ᠪᠦᠭᠡᠩ ᠲᠡᠶ ᠭᠤᠯᠢᠷ ᠶᠢᠠᠨ ᠬᠤᠪᠢᠶᠠᠯᠴᠠᠨ ᠢᠳᠡᠭ᠍ᠰᠡᠨ \ ᠪᠦᠭᠡᠰᠤ ᠲᠡᠶ ᠳᠠᠪᠠᠯ ᠳᠡᠭᠡᠨ ᠡᠪᠦᠷᠡᠯᠳᠤᠨ ᠣᠠᠳᠠᠭᠰᠠᠨ》 ᠭᠡᠮᠡᠨ ᠣᠨᠠᠭᠠᠨ ᠪᠠᠭ᠎ᠠ ᠶᠢᠨ ᠨᠠᠢ᠌ᠵᠠ ᠨᠥᠭᠦᠷᠯᠡᠯ ᠭᠦᠨ ᠵᠤᠵᠠᠭᠠᠨ ᠬᠠᠢ᠌ᠷ᠎ᠠ ᠰᠡᠳᠬᠢᠯᠭᠡ ᠶᠢ ᠵᠥᠢᠷᠯᠡᠳᠡᠭ᠌᠃ ᠡᠨᠡ ᠪᠣᠯ ᠳᠡᠭᠡᠳᠤ ᠮᠤᠩᠭ᠋ᠤᠯᠴᠤᠳ ᠤᠨ ᠦᠨᠳᠦᠰᠦᠳᠠᠨ ᠤ ᠠᠵᠤ ᠠᠮᠢᠳᠤᠷᠠᠯ᠂ ᠵᠠᠩ ᠰᠤᠷᠳᠠᠬᠤᠨ ᠤ ᠰᠠᠭᠤᠷᠢ ᠳᠡᠭᠡᠷ᠎ᠡ ᠠᠮᠢᠯᠠᠭᠰᠠᠨ ᠵᠢᠩᠭᠢᠨᠢ ᠨᠢᠭᠡᠨ ᠦᠪᠡᠷᠮᠢᠴᠠ ᠰᠤᠶᠤᠯ ᠤᠨ ᠥᠵᠡᠭ᠍ᠳᠡᠯ ᠪᠣᠯᠬᠤ ᠶ‍ᠦᠮ᠃ ᠲ᠋ᠡᠭᠡᠳᠤ ᠮᠤᠩᠭ᠋ᠤᠯᠴᠤᠳ ᠭᠦᠭᠡ ᠳᠠᠷᠢᠶᠠᠨ ᠤ ᠪᠣᠯᠤᠭᠰᠠᠨ ᠭᠤᠯᠢᠷ ᠢ ᠬᠠᠮᠤᠭ ᠤᠨ ᠰᠢᠮ᠎ᠠ ᠲᠡᠶ᠂ ᠬᠠᠮᠤᠭ ᠤᠨ ᠡᠷᠭᠢᠮ ᠨᠠᠠᠳᠢᠨ ᠢᠳᠡᠭᠡᠨ ᠪᠣᠯᠭᠠᠨ ᠳᠡᠭᠦᠨ ᠶᠢᠡᠷ ᠱᠥᠮᠦᠷ ᠳᠦᠭᠦᠭᠡᠷᠴᠤ ᠬᠤᠷᠢᠮ ᠨᠠᠢ᠌ᠷ ᠤᠨ ᠭᠦᠡᠳᠦᠳᠤ ᠳᠡᠭᠡᠵᠢ ᠪᠣᠯᠭᠠᠨ ᠭᠡᠷᠡᠭᠯᠡᠭ᠍ᠰᠡᠭᠡᠷ ᠢᠷᠡᠭ᠍ᠰᠡᠨ ᠶᠤᠮ᠃

ᠬᠤᠶᠠᠷ᠂ ᠭᠦᠭᠡ ᠳᠠᠷᠢᠶᠠᠨ ᠤ ᠪᠣᠯᠤᠭᠰᠠᠨ ᠭᠤᠯᠢᠷ ᠤᠨ ᠪᠠᠶᠠᠷ ᠶᠤᠰᠤᠯᠠᠯ ᠤᠨ ᠵᠠᠩ ᠰᠤᠶᠤᠯ

ᠲ᠋ᠡᠭᠡᠳᠤ ᠮᠤᠩᠭ᠋ᠤᠯᠴᠤᠳ ᠬᠤᠷᠢᠮ ᠨᠠᠢ᠌ᠷ᠂ ᠣᠪᠣᠭᠠᠨ ᠳᠠᠭᠢᠯᠭ᠎ᠠ᠂ ᠴᠠᠭᠠᠨ ᠰᠠᠷ᠎ᠠ ᠳᠤ ᠭᠦᠭᠡ ᠳᠠᠷᠢᠶᠠᠨ ᠤ ᠪᠣᠯᠤᠭᠰᠠᠨ ᠭᠤᠯᠢᠷ ᠶᠢᠡᠷ ᠶᠢᠡᠨ ᠮᠤᠳᠤᠨ ᠪᠠᠭᠪᠣᠷ ᠳᠤ ᠲ᠋ᠤᠰᠬᠠᠢ ᠱᠦᠮᠤᠷ ᠳᠦᠭᠦᠭᠡᠷᠴᠤ ᠭᠦᠡᠳᠤ ᠶᠢᠨ ᠳᠡᠭᠡᠵᠢ ᠪᠤᠯᠭᠠᠳᠠᠭ᠃ ᠡᠭᠦᠨ ᠳᠤ ᠱᠦᠮᠤᠷ ᠤᠨ ᠱᠤᠷᠤᠯᠵᠢᠨ ᠭᠡᠯᠪᠠᠷᠢᠳᠡᠢ ᠳᠤᠰᠤ ᠪᠣᠶᠤ ᠦᠷᠦᠮ᠎ᠡ ᠨᠢ ᠳᠦᠷᠪᠡᠨ ᠭᠦᠴᠦᠳᠡᠨ (ᠯᠤᠤ᠂ ᠭᠠᠷᠤᠳᠢ᠂ ᠠᠷᠰᠯᠠᠨ᠂ ᠪᠠᠷᠰ) ᠊ᠢ ᠳᠦᠯᠦᠭᠡᠯᠡᠵᠤ᠂ ᠤᠷᠦᠢ ᠳᠡᠭᠡᠷᠡᠭᠢ ᠮᠥᠭᠦᠯᠢᠭ᠌ ᠳᠤᠰᠤ ᠨᠢ ᠨᠠᠷᠠ ᠰᠠᠷᠠ ᠳᠡᠯᠡᠭᠡᠢ ᠶᠢᠨ ᠪᠦᠮᠪᠦᠷᠴᠡᠭ᠌ ᠢ ᠳᠦᠯᠦᠭᠡᠯᠡᠵᠤ ᠪᠠᠭᠪᠣᠷ ᠤᠨ ᠳᠤᠤᠷᠠᠭᠢ ᠬᠠᠯᠢᠪ ᠲᠤ ᠭᠢ ᠴᠦᠷᠮ᠎ᠠ ᠨᠢ ᠰᠦᠨ ᠳᠠᠯᠠᠢ ᠶᠢ ᠳᠦᠯᠦᠭᠡᠯᠡᠵᠤ ᠪᠠᠢ᠌ᠳᠠᠭ ᠣᠬᠠᠭᠠᠨ ᠲᠡᠶ᠃ ᠡᠢ᠌ᠮᠤ ᠴᠤ ᠣᠴᠢᠷ ᠡᠴᠡ ᠴᠠᠭᠠᠨ ᠰᠡᠷ᠎ᠡ᠂ ᠬᠤᠷᠢᠮ ᠨᠠᠢ᠌ᠷ ᠣᠪᠣᠭᠠᠨ ᠳᠠᠭᠢᠯᠭ᠎ᠠ ᠶᠢᠨ ᠴᠠᠭ ᠲᠤ ᠳᠡᠭᠡᠳᠤ ᠮᠤᠩᠭ᠋ᠤᠯᠴᠦᠳ ᠭᠢᠯᠠᠭ᠎ᠠ᠂ ᠲ᠋ᠡᠭᠡᠵᠢ᠂ ᠱᠥᠮᠦᠷ᠂ ᠪᠦᠭᠦᠯᠢ ᠰᠢᠭᠦᠰᠤ ᠵᠡᠷᠭᠡ ᠶᠢ ᠨᠠᠢ᠌ᠷ ᠤᠨ ᠰᠢᠷᠡᠭᠡᠨ ᠤ ᠪᠠᠢ᠌ᠷᠢᠨ ᠳᠤ ᠳᠦᠭᠦᠭᠡᠷᠴᠤ ᠳᠠᠯᠪᠢᠭᠠᠤᠨ ᠠᠯᠢᠪᠠ ᠠᠵᠤ ᠣᠢ᠌ᠯᠠ ᠬᠤᠪᠢ ᠳᠠᠪᠢᠯᠠᠩ ᠤᠨ ᠶᠢᠠᠨ ᠰᠠᠢ᠌ᠨ ᠰᠠᠢ᠌ᠬᠠᠨ ᠤ ᠪᠠᠯᠭᠡᠳᠦᠯ ᠰᠠᠨᠠᠭ᠎ᠠ ᠪᠠᠨ ᠢᠯᠡᠳᠭᠡᠵᠤ ᠪᠠᠢ᠌ᠳᠠᠭ ᠰᠡᠨ᠃ ᠲ᠋ᠡᠭᠡᠳᠤ ᠮᠤᠩᠭ᠋ᠤᠯᠴᠤᠳ ᠤᠨ 《ᠭᠢᠯᠠᠭ᠎ᠠ》 ᠪᠣᠶᠤ 《ᠭᠢᠯᠠᠭ᠎ᠠ ᠳᠡᠭᠡᠵᠢᠯᠡᠭᠦᠯᠭᠦ》 ᠭᠡᠳᠡᠭ᠌ ᠨᠢ ᠳᠠᠷᠤᠢ ᠮᠤᠩᠭ᠋ᠤᠯᠴᠤᠳ ᠤᠨ 《ᠴᠠᠭᠠᠨ ᠢᠳᠡᠭᠡ — ᠰᠥ᠋》 ᠵᠢ᠌ ᠡᠷᠭᠢᠮᠯᠡᠵᠤ ᠢᠷᠡᠭ᠍ᠰᠡᠨ ᠳᠠᠩᠰᠤᠭ ᠢᠳᠡᠭᠡᠨ ᠪᠣᠯᠤᠨ᠎ᠠ᠃ ᠮᠤᠩᠭ᠋ᠤᠯᠴᠤᠳ ᠰᠠᠨᠠᠭ᠎ᠠ ᠰᠡᠳᠬᠢᠯᠭᠡ᠂ ᠬᠠᠢ᠌ᠷ᠎ᠠ ᠡᠩᠭᠦᠷᠡᠢ᠌ᠯᠡᠯ ᠶᠢᠡᠨ ᠰᠥ᠋ ᠪᠠᠷ ᠢᠯᠡᠳᠭᠡᠨ᠂ ᠡᠷᠢᠯ ᠭᠦᠰᠡᠯ ᠶᠢᠡᠨ ᠰᠦ᠋ ᠪᠠᠷ ᠪᠠᠯᠭᠡᠳᠡᠨ᠂ ᠢᠳᠡᠭᠡᠯ ᠪᠢᠰᠢᠷᠠᠯ ᠶᠢᠡᠨ ᠰᠦ᠋ ᠪᠠᠷ ᠢᠯᠡᠷᠭᠡᠢ᠌ᠯᠡᠵᠤ ᠠᠯᠢᠪᠠ ᠴᠠᠪᠠᠷ ᠠᠷᠢᠭᠤᠨ ᠵᠣᠢ᠌ᠯ ᠢ ᠰᠥ᠋ ᠪᠠᠷ ᠵᠣᠢ᠌ᠷᠯᠠᠵᠤ ᠢᠷᠡᠭ᠍ᠰᠡᠨ ᠶ‍ᠦᠮ᠃ ᠲ᠋ᠡᠭᠡᠳᠤ ᠮᠤᠩᠭ᠋ᠤᠯᠴᠤᠳ ᠠᠯᠢᠪᠠ ᠴᠠᠭᠠᠨ ᠢᠳᠡᠭᠡᠨ ᠤ ᠳᠦᠯᠦᠭᠡᠯᠡᠯ ᠪᠣᠯᠤᠭᠰᠠᠨ 《ᠭᠢᠯᠠᠭᠠᠨ ᠤ ᠳᠡᠭᠡᠵᠢ》 ᠪᠠᠨ ᠢᠷᠡᠭ᠍ᠰᠡᠨ ᠭᠡᠢ᠌ᠴᠢᠨ ᠵᠤᠴᠢᠨ ᠳᠤ ᠪᠠᠨ ᠳᠠᠯᠪᠢᠭᠰᠠᠭᠠᠷ ᠳᠡᠭᠡᠵᠢᠯᠡᠭᠦᠯᠳᠡᠭ᠌ ᠪᠤᠯ 《ᠡᠭᠡ ᠭᠠᠵᠠᠷ》 《ᠡᠴᠢᠭᠡ ᠳᠡᠭ᠍ᠷᠢᠰ》 ᠊ᠤᠨ ᠳᠦᠯᠦᠭᠡᠯᠡᠯ ᠪᠣᠯᠤᠭᠰᠠᠨ 《ᠱᠦᠮᠤᠷ ᠤᠨ ᠳᠡᠭᠡᠵᠢ》 ᠪᠠᠨ ᠭᠡᠢ᠌ᠴᠢᠨ ᠳᠠᠷᠬᠠᠬᠤ ᠥᠶ᠎ᠡ ᠳᠤ ᠳᠡᠭᠡᠵᠢᠯᠡᠭᠦᠯᠵᠤ ᠪᠠᠢ᠌ᠳᠠᠭ ᠶ‍ᠦᠮ᠃ ᠲ᠋ᠡᠭᠡᠳᠤ ᠮᠤᠩᠭ᠋ᠤᠯᠴᠤᠳ ᠤᠨ ᠪᠣᠯᠤᠭᠰᠠᠨ ᠭᠤᠯᠢᠷ ᠤᠨ ᠱᠦᠮᠤᠷ ᠨᠢ ᠴᠠᠭᠠᠨ ᠢᠳᠡᠭᠡᠨ ᠤ ᠳᠤᠰᠤ᠂ ᠴᠦᠷᠮ᠎ᠠ᠂ ᠦᠷᠦᠮ᠎ᠡ ᠵᠡᠷᠭᠡ ᠪᠠᠷ ᠪᠦᠷᠢᠯᠳᠦᠵᠤ᠂ ᠳᠡᠭᠡᠳᠤ ᠮᠤᠩᠭ᠋ᠤᠯᠴᠤᠳ ᠤᠨ ᠬᠤᠷᠢᠮ ᠨᠠᠢ᠌ᠷ᠂ ᠣᠪᠣᠭᠠᠨ ᠳᠠᠭᠢᠯᠭ᠎ᠠ᠂ ᠴᠠᠭᠠᠨ ᠰᠠᠷ᠎ᠠ ᠵᠡᠷᠭᠡ ᠪᠠᠶᠠᠷ ᠶᠤᠰᠤᠯᠠᠯ ᠳᠤ ᠳᠤᠳᠠᠭᠳᠠᠵᠤ ᠪᠣᠯᠤᠰᠢ ᠦᠭᠡᠶ ᠭᠦᠡᠳᠤ ᠳᠡᠭᠡᠵᠢ ᠪᠣᠯᠵᠤ ᠪᠠᠢ᠌ᠳᠠᠭ ᠳᠠᠳᠤᠢ ᠦᠭᠡᠶ ᠨᠠᠩ ᠴᠢᠬᠤᠯᠠ ᠨᠢ ᠲᠠᠷᠠ ᠪᠠᠰᠠ ᠭᠦᠮᠦᠰ ᠤᠨ ᠣᠶᠤᠨ ᠤ ᠰᠤᠶᠤᠯ ᠤᠨ ᠭᠢᠨᠢ ᠭᠤᠴᠤ ᠰᠠᠢ᠌ᠬᠠᠨ ᠢᠯᠠᠷᠠᠯ ᠪᠣᠯᠵᠤ ᠪᠠᠢ᠌ᠳᠠᠭ ᠶᠤᠮ᠃

ᠲ᠋ᠡᠭᠡᠳᠤ ᠮᠤᠩᠭ᠋ᠤᠯᠴᠤᠳ ᠤᠨ ᠵᠠᠷᠢᠮ ᠬᠤᠰᠢᠭᠤᠨ ᠳᠤ ᠪᠣᠯ ᠴᠠᠭᠠᠨ ᠰᠠᠷ᠎ᠠ ᠶᠢᠨ ᠰᠢᠨ᠎ᠠ ᠶᠢᠨ ᠨᠢᠭᠡᠨ ᠳᠤ ᠵᠠᠯᠠᠭᠤᠴᠤᠳ ᠳᠤ 《ᠱᠦᠮᠤᠷ ᠥᠩᠭᠦᠭᠦᠯᠵᠤ (ᠡᠮᠭᠦᠭᠦᠯᠵᠤ) ᠮᠡᠡᠳᠦᠯᠡᠭᠦ》 ᠣᠠᠴᠠᠭᠠᠢ ᠵᠠᠩᠰᠢᠯ ᠲ᠋ᠠᠢ ᠶᠤᠮ᠃ ᠡᠭᠦᠨ ᠳᠤ ᠰᠢᠨ᠎ᠠ ᠶᠢᠨ ᠨᠢᠭᠡᠨ ᠳᠤ ᠠᠢ᠌ᠯ ᠠᠢ᠌ᠯ ᠤᠨ ᠬᠠᠮᠤᠭ ᠤᠨ ᠨᠠᠰᠤᠳᠠᠢ ᠨᠢ ᠭᠦᠭᠡ ᠳᠠᠷᠢᠶᠠᠨ ᠤ ᠪᠣᠯᠤᠭᠰᠠᠨ ᠭᠤᠯᠢᠷ ᠶᠢᠡᠷ 《ᠱᠦᠮᠤᠷ》 ᠳᠦᠭᠦᠭᠡᠷᠴᠤ ᠪᠡᠯᠡᠳᠭᠡᠭᠡᠳ ᠭᠡᠷ ᠤᠨ ᠶᠢᠡᠨ ᠬᠣᠢ᠌ᠮᠤᠷ ᠲᠤ ᠰᠠᠭᠠᠳᠠᠵᠤ ᠪᠠᠢ᠌ᠳᠠᠭ᠃ ᠲ᠋ᠡᠭᠡᠭᠡᠤᠨ ᠵᠠᠯᠠᠭᠤᠴᠤᠳ ᠡᠮᠦᠨ᠎ᠡ ᠨᠢ ᠭᠦᠷᠴᠤ ᠬᠠᠳᠠᠭᠯᠠᠨ ᠮᠡᠡᠳᠦᠯᠡᠭᠦ ᠦᠶ᠎ᠡ ᠳᠤ ᠨᠠᠰᠤᠳᠠᠨ ᠨᠢ ᠱᠦᠮᠤᠷ ᠡᠴᠡ ᠪᠠᠨ ᠨᠢᠭᠡ ᠬᠠᠯᠪᠠᠭ᠎ᠠ ᠬᠠᠭᠤᠷᠠᠢ ᠭᠤᠯᠢᠷ ᠲᠡᠶ ᠵᠦᠰᠤᠮ ᠳᠤᠰᠤ ᠠᠪᠴᠤ ᠵᠠᠯᠠᠭᠤ ᠶᠢᠨ ᠠᠮᠠᠨ ᠣᠷᠤᠭᠤ ᠭᠢᠵᠤ ᠥᠩᠭᠦᠭᠦᠯᠦᠭᠡᠤᠨ (ᠡᠮᠭᠦᠭᠦᠯᠦᠭᠡᠤᠨ) ᠠᠮᠵᠢᠳᠠᠭ᠃ ᠢᠩᠭᠢᠭᠡᠤᠨ ᠵᠠᠯᠠᠭᠤ ᠨᠢ 《ᠠᠮᠤᠷ》 ᠭᠡᠭᠦ ᠳᠤ ᠬᠠᠭᠤᠷᠠᠢ ᠭᠤᠯᠢᠷ ᠨᠢ 《ᠫᠣᠷᠳ᠋》 ᠭᠡᠵᠤ ᠨᠡᠰᠦᠳᠡᠨ ᠤ ᠪᠠᠶ᠎ᠠ ᠳᠡᠭᠡᠷ᠎ᠡ ᠰᠠᠴᠤᠭᠳᠠᠳᠠᠭ ᠪᠦᠭᠡᠤᠨ ᠪᠦᠭᠦᠯᠢ ᠳᠤᠰᠤ ᠨᠢ ᠵᠠᠯᠠᠭᠤ ᠶᠢᠨ ᠠᠮᠠᠨ ᠳᠤᠳᠤᠷ᠎ᠠ ᠥᠯᠡᠳᠡᠳᠡᠭ᠌ ᠪᠠᠢ᠌ᠨ᠎ᠡ᠃ ᠡᠨᠡ ᠦᠶ᠎ᠡ ᠳ᠋ᠤ ᠨᠠᠰᠤᠳᠠᠨ ᠤ ᠪᠠᠶ᠎ᠠ ᠳᠡᠭᠡᠷ᠎ᠡ ᠭᠡᠳᠦᠢ ᠶᠡᠭᠡ ᠭᠤᠯᠢᠷ ᠪᠢᠯᠳᠠᠪᠠᠯ ᠳᠠᠳᠤᠢ ᠰᠠᠢ᠌ᠨ᠂ 《ᠣᠷᠳᠤ ᠨᠠᠰᠤᠯᠠᠨ ᠣᠳᠠᠭᠠᠨ ᠵᠢᠷᠭᠠᠵᠤ ᠴᠢᠳᠡᠨ᠎ᠡ》 ᠭᠡᠮᠡᠨ ᠪᠠᠯᠭᠡᠳᠡᠳᠡᠭ᠌ ᠶ‍ᠦᠮ᠃ ᠡᠨᠡ ᠨᠢ ᠲ᠋ᠡᠭᠡᠳᠤ ᠮᠤᠩᠭ᠋ᠤᠯᠴᠤᠳᠤᠨ ᠣᠯᠠᠮᠵᠢᠯᠠᠯᠳᠤ ᠬᠤᠭᠤᠯᠠ ᠣᠮᠳᠠᠭᠠᠨ ᠤ ᠵᠣᠢ᠌ᠯ ᠳᠤ ᠭᠦᠭᠡ ᠲᠠᠷᠢᠶᠡᠨ ᠤ ᠪᠣᠯᠤᠭᠰᠠᠨ ᠭᠤᠯᠢᠷ ᠪᠦᠭᠡᠩ᠂ ᠴᠠᠭᠠᠨ ᠢᠳᠡᠭᠡ ᠲ᠋ᠡᠢ ᠠᠳᠠᠯᠢ ᠪᠠᠷ ᠠᠷᠢᠭᠤᠨ ᠨᠠᠠᠳᠢᠨ ᠬᠠᠮᠤᠭ ᠰᠠᠢ᠌ᠨ ᠰᠠᠢ᠌ᠬᠠᠨ ᠪᠠᠯᠭᠡ ᠳᠡᠮᠳᠡᠭ᠌ ᠪᠣᠯᠵᠤ ᠪᠠᠢ᠌ᠳᠠᠭ ᠢ ᠬᠠᠷᠠᠭᠤᠯᠵᠤ ᠪᠠᠢ᠌ᠨ᠎ᠡ᠃ ᠲ᠋ᠡᠭᠡᠭᠡᠤᠨ ᠳᠡᠭᠡᠳᠤ ᠮᠤᠩᠭ᠋ᠤᠯᠴᠤᠳ ᠴᠠᠭᠠᠨ ᠰᠠᠷ᠎ᠠ ᠳᠤ ᠪᠠᠰᠠ ᠭᠦᠭᠡ ᠳᠠᠷᠢᠶᠠᠨ ᠤ ᠪᠣᠯᠤᠭᠰᠠᠨ ᠭᠤᠯᠢᠷ ᠶᠢᠠᠷ ᠭᠡᠦᠭᠡᠤᠨ ᠪᠠᠭᠠᠴᠤᠳ ᠲ᠋ᠤ ᠮᠠᠠᠳᠤ ᠶᠢᠨ ᠪᠦᠭᠡᠭ᠌ ᠨᠦᠭᠦᠵᠤ ᠥᠭ᠍ᠳᠡᠭ᠌ ᠪᠠᠢ᠌ᠭᠰᠠᠨ ᠶ‍ᠦᠮ᠃ ᠡᠨᠡ ᠨᠢ ᠨᠠᠰᠤᠳᠠᠨ ᠶᠢᠡᠨ ᠭᠦᠡᠳᠦᠦᠡᠭᠡᠵᠤ ᠨᠠᠰᠤᠳᠠᠨ ᠤ ᠪᠠᠨ ᠪᠤᠶᠡᠨ ᠭᠡᠰᠢᠭ᠌ ᠢ ᠭᠦᠷᠳᠡᠵᠤ ᠪᠠᠢ᠌ᠬᠤ ᠣᠬᠠᠭᠠᠨ ᠲᠡᠶ᠃ ᠮᠠᠠᠳᠤ ᠶᠢᠨ ᠪᠦᠭᠡᠭ᠌ ᠨᠤᠬᠤᠬᠤ ᠳᠤ ᠪᠠᠨ ᠱᠦᠮᠤᠷ ᠡᠴᠡ ᠪᠠᠨ ᠵᠡᠪᠠᠯ ᠳᠡᠭᠡᠵᠢ ᠳᠠᠯᠪᠢᠨ ᠥᠭᠡᠷ᠎ᠡ ᠭᠤᠯᠢᠷ ᠢ ᠪᠦᠷ ᠳᠤᠰᠤᠨ ᠳ᠋ᠤ ᠨᠤᠬᠤᠵᠤ ᠳᠤᠳᠤᠷ᠎ᠠ ᠨᠢ ᠦᠵᠦᠮ᠂ ᠰᠢᠭᠢᠷ᠂ ᠴᠦᠷᠮ᠎ᠠ ᠳᠠᠯᠪᠢᠭᠰᠠᠨ ᠪᠠᠢ᠌ᠳᠠᠭ᠃ ᠡᠭᠦᠨ ᠶᠢᠠᠨ 《ᠱᠠᠷ》 ᠳᠠᠭᠤᠯᠭᠠᠵᠤ ᠪᠣᠢ ᠭᠡᠭᠦ ᠪᠤᠶᠤ ᠶᠠᠷᠤ ᠶᠢᠨ ᠪᠠᠢ᠌ᠳᠠᠯ ᠳᠤ ᠳᠠᠷᠠ ᠨᠢᠭᠡ ᠪᠦᠭᠡᠭ᠌ ᠨᠢ ᠨᠢᠭᠡ ᠪᠦᠭᠦᠯᠢ ᠰᠢᠭᠦᠰᠤ ᠶᠢ ᠳᠦᠯᠦᠭᠡᠯᠡᠵᠤ ᠪᠠᠢ᠌ᠳᠠᠭ ᠣᠴᠢᠷ ᠲᠡᠶ᠃ ᠡᠭᠦᠨ ᠡᠴᠡ ᠭᠠᠳᠠᠨ᠎ᠠ ᠳᠡᠭᠡᠳᠤ ᠮᠤᠩᠭ᠋ᠤᠯᠴᠤᠳ ᠴᠠᠭᠠᠨ ᠰᠠᠷ᠎ᠠ ᠳᠤ ᠳᠡᠭᠡᠷᠮ᠎ᠡ ᠶᠢᠨ ᠴᠠᠷ᠎ᠠ ᠳᠤ ᠱᠦᠮᠤᠷ ᠳᠦᠭᠦᠭᠡᠷᠴᠤ ᠳᠤᠰᠤ ᠴᠢᠮᠠᠨ ᠪᠤᠭᠤᠷᠰᠤᠭ ᠲ᠋ᠡᠯᠪᠢᠵᠤ ᠲᠡᠭᠡᠷᠮ᠎ᠡ ᠶᠢ ᠣᠠᠴᠠᠭᠠᠢ᠌ᠯᠠᠨ ᠴᠠᠭᠠᠯᠠᠭᠤᠯᠵᠤ ᠪᠠᠢ᠌ᠳᠠᠭ ᠵᠠᠩᠰᠢᠯ ᠲᠡᠶ᠃ ᠡᠨᠡ ᠮᠡᠳᠤ ᠪᠠᠷ ᠳᠡᠭᠡᠳᠤ ᠮᠤᠩᠭ᠋ᠤᠯᠴᠤᠳ ᠤᠨ ᠳᠤᠮᠳᠠ ᠭᠦᠭᠡ ᠳᠠᠷᠢᠶ᠎ᠠ ᠪᠣᠶᠤ ᠭᠦᠭᠡ ᠳᠠᠷᠢᠶᠠᠨ ᠤ ᠪᠣᠯᠤᠭᠰᠠᠨ ᠭᠤᠯᠢᠷ ᠨᠢ ᠭᠦᠮᠦᠰ ᠤᠨ ᠣᠶᠤᠨ ᠤ ᠰᠤᠶᠤᠯ ᠤᠨ ᠭᠡᠷᠡᠭ᠍ᠴᠡᠭᠡ ᠶᠢ ᠴᠤ ᠬᠠᠩᠭ᠋ᠠᠵᠤ ᠪᠠᠢ᠌ᠳᠠᠭ᠃ ᠪᠠᠷᠠᠭᠤᠨ ᠬᠣᠢ᠌ᠳᠤ ᠣᠷᠤᠨ ᠢ ᠶᠡᠭᠡ ᠪᠠᠷ ᠨᠡᠭᠡᠭᠡᠨ ᠭᠦᠭ᠍ᠵᠢᠭᠦᠯᠭᠦ ᠠᠵᠠ ᠲᠤᠬᠢᠶᠠᠯ ᠢ ᠠᠮᠵᠢᠨ ᠳᠡᠭᠡᠳᠤ ᠮᠤᠩᠭ᠋ᠤᠯ ᠤᠨ ᠰᠤᠶᠤᠯ ᠤᠨ ᠪᠣᠯᠠᠭᠳᠠᠴᠠ ᠪᠣᠯᠬᠤ ᠳᠡᠭᠡᠳᠤ ᠮᠤᠩᠭ᠋ᠤᠯ ᠤᠨ ᠢᠳᠡᠭᠡᠨ ᠤᠮᠳᠠᠭᠠᠨ ᠤ ᠰᠤᠶᠤᠯ ᠤᠨ ᠪᠠᠶᠠᠯᠢᠭ ᠪᠣᠯᠠᠭᠳᠠᠴᠠ ᠶᠢ ᠨᠡᠭᠡᠭᠡᠵᠤ᠂ ᠥᠡᠳᠦᠰᠦᠳᠡᠨ ᠤ ᠦᠪᠡᠷᠮᠢᠴᠠ ᠰᠤᠶᠤᠯ ᠶᠢᠠᠷ ᠶᠢᠠᠨ ᠣᠳᠤᠬᠠᠨ ᠤ ᠨᠡᠢ᠌ᠭᠡᠮ ᠤᠨ ᠵᠡᠬ᠎ᠠ ᠳᠡᠯᠭᠡᠭᠦᠷ ᠤᠨ ᠠᠵᠤ ᠠᠬᠤᠢ ᠶᠢᠨ ᠥᠷᠢᠰᠦᠯᠳᠦᠭᠡᠨ ᠳᠤᠮᠳᠠ ᠵᠤᠷᠢᠭ ᠲᠡᠶ ᠪᠠᠷ ᠠᠯᠬᠤᠨ ᠣᠷᠤᠪᠠᠯ ᠵᠤᠭᠢᠨ᠎ᠠ᠃ ᠦᠨᠳᠦᠰᠦᠳᠠᠨ ᠤ ᠰᠤᠶᠤᠯ ᠤᠨ ᠰᠠᠭᠤᠷᠢ ᠶᠢ ᠪᠠᠳᠤᠤᠠᠬᠠᠵᠤ᠂ ᠦᠨᠳᠦᠰᠦᠳᠠᠨ ᠤ ᠰᠤᠶᠤᠯ ᠶᠢᠠᠨ ᠭᠦᠭ᠍ᠵᠢᠭᠦᠯᠭᠦ ᠳᠤ ᠠᠵᠤ ᠠᠬᠤᠢ ᠠᠮᠢᠳᠤᠷᠠᠯ ᠤᠨ ᠪᠣᠳᠠᠰ ᠤᠨ ᠰᠤᠶᠤᠯ᠂ ᠵᠠᠩ ᠣᠢ᠌ᠯᠠ ᠶᠢᠨ ᠰᠤᠶᠤᠯ ᠢ ᠣᠮᠳᠠᠭᠠᠢ᠌ᠯᠠᠵᠤ ᠦᠯᠦ ᠪᠣᠯᠤᠨ᠎ᠠ᠃


ᠵᠡᠭᠦᠯᠳᠡ᠄

① 《ᠭᠦᠭᠡᠤᠨ ᠬᠤᠰᠢᠭᠤᠨ ᠤ ᠣᠢ᠌ᠯᠠᠯᠭ᠎ᠠ》᠂ 312 ᠳ᠋ᠤᠭᠠᠷ ᠨᠢᠭᠤᠷ᠃

② ᠯ·ᠥᠰᠦᠷᠦᠩᠭᠦᠢ ᠶᠢᠨ ᠡᠮᠭᠢᠦᠡᠭᠡᠨ ᠨᠠᠢ᠌ᠷᠠᠭᠤᠯᠤᠭᠰᠠᠨ 《ᠬᠦᠬᠡ‍ᠨᠠᠭᠤᠷ ᠮᠤᠩᠭ᠋ᠤᠯ ᠤᠨ ᠢᠷᠦᠭᠡᠯ ᠮᠠᠭᠳᠠᠭᠠᠯ》᠂ 108 ᠳ᠋ᠤᠭᠠᠷ ᠨᠢᠭᠤᠷ᠃

③ᠶᠤᠭᠤᠷᠠᠩ — 《 》 ᠭᠡᠯᠪᠠᠷᠢ ᠶᠢᠨ ᠡᠷᠢᠶ᠎ᠡ ᠶᠢ ᠵᠢᠭᠠᠵᠤ ᠪᠣᠢ᠃

④ ᠬᠠᠢ᠌ᠰᠤ — ᠳᠤᠭᠤᠭ᠎ᠠ᠃

⑤ ᠶᠡᠭᠦᠷᠴᠡᠭ᠌ — ᠬᠠᠭᠤᠷᠠᠭᠰᠠᠨ ᠭᠦᠭᠡ ᠳᠠᠷᠢᠶ᠎ᠠ ᠶᠢ ᠰᠢᠷᠦᠭᠦᠪᠳᠦᠷ ᠳᠠᠳᠠᠭᠰᠠᠨ ᠤ ᠳᠠᠷᠠᠭ᠎ᠠ᠂ ᠮᠢᠬᠠᠨ ᠱᠦᠯᠦᠨ ᠳᠤ ᠴᠢᠨᠠᠵᠤ ᠣᠤᠭᠤᠳᠠᠭ ᠢᠳᠡᠭᠡᠨ᠃


2003 ᠣᠨ ᠤ 《ᠮᠤᠩᠭ᠋ᠤᠯ ᠭᠡᠯᠡ ᠣᠤᠠᠬ᠎ᠠ ᠵᠤᠬᠢᠶᠠᠯ》 ᠰᠡᠳᠭᠦᠯ ᠤᠨ 6 ᠳ᠋ᠤᠭᠠᠷ ᠬᠤᠭᠤᠴᠠᠭᠠᠨ ᠳᠤ ᠨᠡᠢ᠌ᠳᠡᠯᠡᠭ᠍ᠳᠡᠪᠡ᠃

ᠵᠤᠬᠢᠶᠠᠭᠴᠢ᠄ ᠯ·ᠥᠰᠦᠷᠦᠩᠭᠦᠢ
ᠢᠷᠡᠯᠲᠡ᠄ ᠨᠡᠷᠡᠡᠴᠡᠴᠡᠭ᠌
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 10127
ᠴᠠᠭ᠄ 2006 ᠤᠨ ᠤ 07 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ