ᠨᠡᠪᠲᠡᠷᠡᠨ ᠤᠷᠤᠬᠤ
ᠰᠢᠷ᠎ᠠ ᠪᠦᠷᠦᠢ ᠶᠢᠨ ᠳᠤᠮᠳᠠᠭᠢ ᠴᠠᠭᠠᠨ ᠬᠤᠳᠠ ᠶᠢᠨ ᠪᠠᠭᠤᠷᠢ

ᠰᠢᠷ᠎ᠠ ᠪᠦᠷᠦᠢ ᠪᠣᠯᠬᠤ ᠳ᠋ᠤ

ᠴᠠᠭᠠᠨ ᠬᠤᠳᠠ ᠳᠤ ᠭᠦᠷᠦᠯ᠎ᠡ

ᠴᠠᠭᠯᠠᠰᠢ ᠦᠭᠡᠶ ᠭᠦᠡᠳᠤ ᠡᠮᠵᠡᠭᠯᠡᠯ ᠵᠢᠠᠷ

ᠰᠥᠭᠦᠷᠡᠩᠭᠡᠨ ᠪᠠᠢ᠌ᠵᠤ ᠨᠠᠮᠠᠠᠴᠢᠯᠠᠯ᠎ᠠ

ᠳᠤᠰᠤᠭᠠᠤᠨ ᠠᠪᠣᠭᠰᠠᠨ ᠭᠦᠷᠦᠰᠤ ᠨᠢ

ᠬᠠᠪ ᠬᠠᠯᠠᠭᠤᠬᠠᠨ

ᠳᠦᠰᠢᠭᠡᠳ ᠠᠪᠣᠭᠰᠠᠨ ᠠᠪᠠᠭ᠎ᠠ ᠬᠠᠨ ᠨᠢ

ᠳᠠᠪ ᠳᠠᠰᠤᠯᠬᠠᠨ

ᠨᠢᠯᠪᠣᠰᠤ ᠨᠢ ᠬᠠᠳᠠᠭᠰᠠᠨ ᠪᠠᠭᠤᠷᠢ

ᠭᠦᠪ ᠭᠦᠡᠳᠦᠭᠡᠨ

ᠨᠡᠭᠡᠯ ᠭᠦᠰᠡᠭ᠍ᠰᠡᠨ ᠬᠤᠳᠠ ᠨᠢ

ᠪᠦᠪ ᠪᠦᠷᠦᠭ᠍‍ᠭᠡᠨ

ᠳᠠᠢ᠌ᠨ ᠳᠤ ᠢᠯᠠᠭᠳᠠᠭᠰᠠᠨ

ᠪᠣᠬ᠎ᠠ ᠬᠠᠳᠠᠨ ᠡᠴᠡ

ᠴᠢᠰᠤ ᠰᠤᠪᠣᠭᠠᠰᠤᠳᠠᠢ

ᠨᠤᠷᠮ᠎ᠠ ᠰᠢᠩᠭᠡᠭ᠍ᠰᠡᠨ

ᠬᠤᠳᠠ ᠶᠢᠨ ᠪᠠᠭᠤᠷᠢ ᠡᠴᠡ

ᠴᠤᠭ ᠭᠦᠭ᠍ᠵᠢᠭᠡᠰᠦᠳᠡᠢ

ᠵᠠᠭᠤᠨ ᠤ ᠰᠠᠯᠭᠢᠨ ᠳ᠋ᠤ

ᠮᠦᠷ ᠨᠢ ᠪᠠᠯᠠᠷᠠᠭ᠎ᠠ ᠥᠭᠡᠢ

ᠵᠠᠭᠤᠷᠠᠳᠤ ᠶᠢᠨ ᠰᠦᠨᠠᠰᠤ ᠨᠢ

ᠢᠳᠡᠭᠡᠯ ᠬᠠᠷᠢᠭ᠎ᠠ ᠥᠭᠡᠢ

ᠴᠠᠭᠠᠨ ᠬᠤᠳᠠ ᠶᠢᠨ ᠪᠠᠭᠤᠷᠢ

ᠬᠣᠢ᠌ᠰᠢ ᠡᠷᠭᠢᠭᠡ ᠥᠭᠡᠢ

ᠳᠤᠳᠠᠭᠠᠵᠤ ᠶᠠᠪᠣᠭᠰᠠᠨ ᠮᠦᠷ ᠪᠣᠢ᠂

ᠵᠢᠷᠦᠭᠡ ᠡᠮᠳᠡᠷᠡᠯ ᠥᠭᠡᠢ

ᠭᠠᠯᠳᠠᠵᠤ ᠬᠠᠶᠠᠭᠰᠠᠨ ᠢᠮ ᠪᠣᠢ᠃

ᠳᠤᠪ ᠳᠤᠭᠤᠢ

ᠦᠷᠡᠰ ᠶᠢᠡᠨ ᠰᠢᠷᠳᠡᠭ᠍ᠰᠡᠨ

ᠬᠠᠭᠠᠯᠭᠠᠨ ᠬᠠᠵᠠᠭᠤ ᠳᠤ ᠨᠢ

ᠨᠢᠯᠪᠣᠰᠤᠨ ᠣᠷᠤᠮ ᠪᠣᠢ

ᠬᠠᠶᠠᠭᠠᠤᠨ ᠪᠣᠴᠠᠬᠤ ᠳ᠋ᠤ

ᠦᠨᠦᠴᠢᠷᠠᠨ ᠭᠠᠭᠴᠠᠭᠠᠷᠳᠠᠭᠰᠠᠨ

ᠭᠤᠨᠢᠭ ᠳᠠᠭᠠᠭᠠᠭᠰᠠᠨ

ᠣᠯᠠ ᠮᠦᠷ ᠪᠣᠢ᠃

ᠰᠢᠷ᠎ᠠ ᠪᠦᠷᠦᠢ ᠶᠢᠨ ᠳᠤᠮᠳᠠᠭᠢ

ᠴᠠᠭᠠᠨ ᠬᠤᠳᠠ ᠶᠢᠨ ᠪᠠᠭᠤᠷᠢ

ᠨᠢᠭᠡᠯᠡ ᠡᠵᠡᠭᠦᠢᠭᠡᠨ

ᠵᠢᠷᠦᠭᠡᠨ ᠳᠤᠰᠤᠯ

ᠨᠢᠯᠪᠣᠰᠤ ᠪᠠᠨ ᠠᠷᠴᠢᠭᠰᠠᠨ

ᠦᠷᠡᠰ ᠤᠨ ᠭᠢᠨᠢ ᠰᠡᠳᠭᠢᠯ

ᠭᠤᠨᠢᠭ ᠶᠢᠡᠷ ᠳᠦᠭᠦᠷᠡᠩ᠃

ᠵᠤᠬᠢᠶᠠᠭᠴᠢ᠄ ᠪᠠ᠊·ᠤᠶᠤᠨᠴᠡᠴᠡᠭ᠌
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2796
ᠴᠠᠭ᠄ 2009 ᠤᠨ ᠤ 08 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ