☆ ᠬᠠᠯᠳᠠᠷ
ᠬᠠᠷᠠᠭᠠᠨᠠᠳᠤ ᠶᠢᠨ ᠭᠦᠡᠳᠡᠢ
ᠬᠠᠷᠭᠢᠷᠠ ᠳᠤᠭᠤᠷᠤᠤ ᠰᠢᠭ᠌ ᠳᠠᠭᠤ ᠶᠡᠭᠡ
ᠬᠠᠷᠴᠠᠭᠠᠢ ᠪᠦᠷᠭᠦᠤᠨ ᠰᠢᠭ᠌ ᠣᠮᠤᠭ ᠳᠡᠭᠦᠯᠳᠡᠷ ᠨᠠᠰᠤᠨ ᠳ᠋ᠠᠭᠠᠨ
ᠬᠠᠢ᠌ᠷ᠎ᠠ ᠶᠢᠨ ᠪᠣᠯᠵᠤᠭᠠᠨ ᠳᠤ ᠶᠠᠭᠠᠷᠠᠨ ᠳᠦᠭ᠍ᠰᠢᠵᠤ
ᠬᠠᠷᠠᠭᠠᠨᠠᠳᠤ ᠶᠢᠨ ᠭᠦᠡᠳᠡᠢ ᠶᠢ ᠪᠢ ᠴᠢᠭᠯᠡᠭ᠍ᠰᠡᠨ ᠶᠤᠮ
ᠬᠠᠪᠢ ᠰᠢᠯᠢ ᠪᠠᠷ ᠨᠢ ᠭᠦᠮᠡᠯᠢ ᠳᠡᠭᠦᠵᠤ
ᠬᠠᠶᠠ ᠪᠠᠰᠠ ᠭᠦᠷᠪᠠᠯ ᠪᠠᠷᠢᠨ
ᠬᠠᠷᠢᠨ ᠴᠤ ᠡᠭ᠍ᠳᠡᠭᠦᠴᠡᠯ ᠥᠭᠡᠢ
ᠭᠡᠨ ᠭᠡᠨ ᠤ ᠪᠠᠨ ᠭᠦᠵᠦᠭᠦᠨ ᠳᠤ ᠭᠢᠵᠤ
ᠪᠠᠯ ᠪᠠᠯ ᠶᠢᠡᠨ ᠳᠡᠷᠯᠡᠭ᠍ᠰᠡᠨ ᠬᠤᠯᠪᠣᠭᠠᠯᠵᠢ ᠶᠢᠨ ᠬᠠᠢ᠌ᠷᠠᠬᠠᠨ ᠰᠢᠭ᠌
ᠪᠠᠶ᠎ᠠ ᠪᠠᠶᠠᠨ ᠳᠡᠭᠡᠨ ᠵᠢᠭ᠍ᠳᠡᠢ ᠳᠠᠰᠴᠤ ᠳ᠋ᠠ
ᠪᠢᠳᠠ ᠬᠤᠶᠠᠭᠤᠯᠠ᠃
ᠶᠠᠩᠭᠢᠷ ᠳᠤᠭᠯᠠᠳᠠᠭ ᠣᠯᠢᠶᠠᠰᠤᠳᠠᠢ ᠠᠭᠤᠯᠠ ᠪᠠᠨ
ᠪᠢ ᠣᠮᠠᠷᠳᠠᠵᠤ
ᠶᠠᠯᠢᠩ ᠴᠠᠮᠴᠠ ᠶᠢᠨ ᠰᠤᠳᠤᠨ ᠥᠩᠭᠡ ᠪᠠᠨ
ᠴᠢ ᠮᠠᠷᠳᠠᠭᠰᠠᠨ ᠡᠳᠦᠷ ᠤᠳ ᠳᠤ
ᠪᠢ ᠵᠠᠯᠠᠭᠤ ᠴᠢ ᠽᠠᠠᠳᠠᠨ
ᠭᠤᠸᠠᠯᠢᠭᠬᠠᠨ ᠦᠶ᠎ᠡ ᠪᠠᠢ᠌ᠯ᠎ᠠ
ᠪᠢᠯᠢᠭ᠌ ᠳᠠᠩᠬᠠᠢ ᠴᠠᠴᠠ ᠴᠡᠯᠮᠡᠭ᠌
ᠢᠳᠡᠷᠡᠭᠦᠨ ᠴᠤ ᠴᠠᠭ ᠪᠠᠢ᠌ᠯ᠎ᠠ
ᠬᠠᠭᠠᠨ ᠤ ᠭᠦᠩᠵᠤ ᠪᠠᠷ ᠴᠤ ᠠᠳᠠᠯᠢᠤᠠᠬᠠᠵᠤ ᠪᠣᠯᠤᠮ᠎ᠠ ᠥᠭᠡᠢ
ᠭᠦᠮᠤᠨ ᠤ ᠰᠠᠢ᠌ᠬᠠᠨ ᠦᠷ᠎ᠡ ᠳ᠋ᠤ
ᠬᠠᠷᠠᠴᠤ ᠶᠢᠨ ᠭᠦᠤ ᠳᠤᠷᠠᠯᠠᠭᠰᠠᠨ
ᠮᠦᠨᠴᠤ ᠣᠠᠴᠠᠭᠠᠢ᠌ᠬᠠᠨ ᠡᠷᠡᠨ ᠪᠠᠢ᠌ᠯ᠎ᠠ ᠳ᠋ᠤᠤ᠃
ᠵᠠᠭᠠᠯ ᠪᠣᠭᠤᠷᠤᠯ ᠠᠭᠤᠯᠠᠰ ᠨᠢ
ᠬᠠᠳᠠᠭ ᠤᠨ ᠥᠩᠭᠡ ᠪᠠᠷ ᠴᠡᠩᠭᠡᠷᠳᠦᠵᠤ
ᠵᠠᠯ᠎ᠠ ᠳᠤᠭᠤᠷᠢᠭᠰᠠᠨ ᠵᠡᠷᠭᠡᠯᠭᠡᠨ ᠨᠢ
ᠣᠨᠠᠭᠠᠨ ᠰᠡᠭᠦᠯ ᠶᠢᠡᠷ ᠨᠠᠭᠠᠳᠤᠵᠤ
ᠵᠢᠠᠵᠢᠮᠠ ᠶᠢᠨ ᠳᠠᠭᠤᠤ ᠳᠤ ᠣᠶᠠᠷᠠᠭᠰᠠᠨ ᠮᠢᠨᠤ ᠵᠢᠷᠦᠭᠡ
ᠳᠤᠭᠤᠯ ᠤᠨ ᠭᠦᠶᠦᠳᠡᠯ ᠶᠢᠡᠷ ᠪᠣᠯᠭᠢᠯᠠᠨ
ᠵᠠᠮᠢᠶᠠᠠᠮᠢᠳᠤᠭ ᠴᠡᠴᠡᠭ᠌ ᠢ ᠳᠠᠯᠪᠢ ᠪᠠᠨ ᠳᠡᠯᠭᠡᠭᠡᠳ ᠬᠤᠮᠢᠳᠠᠯᠠ
ᠳᠠᠨ ᠤ ᠳᠤ ᠥᠡᠵᠢᠭ᠍ᠰᠡᠨ ᠪᠢ
ᠳᠠᠷᠠ ᠨᠠᠮᠤᠷ ᠢ ᠠᠯᠳᠠᠨ ᠬᠤᠷᠤᠮ ᠭᠡᠮᠡᠨ
ᠮᠠᠠᠳᠤᠳᠤᠭᠠᠢ ᠭᠡᠵᠤ ᠣᠷᠠᠢ᠌ᠯᠠᠳᠠᠭ
ᠳᠠᠷᠠ ᠨᠤᠳᠤᠭ ᠢ ᠪᠣᠷᠬᠠᠨ ᠤ ᠣᠷᠤᠨ ᠭᠡᠮᠡᠨ
ᠮᠥᠩᠭᠡᠷᠡᠳᠦᠭᠡᠢ ᠭᠡᠵᠤ ᠵᠠᠯᠪᠢᠷᠠᠳᠠᠭ ᠡ᠃
ᠵᠤᠬᠢᠶᠠᠭᠴᠢ ᠶᠢᠨ ᠬᠠᠶᠢᠭ ᠄ ᠣᠷᠠᠤᠨ
ᠵᠤᠬᠢᠶᠠᠭᠴᠢ᠄ ᠬᠠᠯᠳᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2634
ᠴᠠᠭ᠄ 2010 ᠤᠨ ᠤ 12 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ