ᠨᠡᠪᠲᠡᠷᠡᠨ ᠤᠷᠤᠬᠤ
 ᠪᠠᠭᠰᠢ ᠬᠦᠮᠦᠨ
ᠪᠠᠭᠰᠢ ᠬᠦᠮᠦᠨ ︱
     ᠣᠶᠣᠨ ᠣᠬᠠᠭᠠᠨ ᠤ ᠮᠢᠨᠢ ᠱᠣᠭᠣᠨ ᠪᠦᠲᠦᠭᠡᠭᠴᠢ ᠪᠣᠯᠤᠭᠰᠠᠨ
     ᠣᠣᠷ ᠴᠢᠨᠠᠷ ᠤᠨ ᠮᠢᠨᠢ ᠬᠦᠮᠦᠵᠢᠭᠦᠯᠦᠭᠴᠢ  ᠪᠣᠢᠵᠢᠭᠣᠯᠣᠭᠴᠢ ᠪᠣᠯᠤᠭᠰᠠᠨ
     ᠣᠷᠴᠢᠯᠠᠩ ᠲᠡᠯᠡᠬᠡᠢ ᠶᠢ  ᠮᠢᠨᠢ ᠭᠡᠢᠭᠦᠯᠦᠭᠴᠢ ᠣᠳᠤᠨ  ᠬᠦᠮᠦᠨ
    ᠣᠯᠠᠨ  ᠲᠦᠮᠡᠨ ᠢ ᠮᠢᠨᠢ ᠭᠡᠷᠡᠯᠳᠦᠭᠦᠯᠦᠭᠴᠢ ᠰᠣᠳᠤᠨ ᠬᠦᠮᠦᠨ  ︕
ᠪᠠᠭᠰᠢ ᠬᠦᠮᠦᠨ ︱
     ᠣᠶᠣᠨ ᠤ ᠲᠦᠯᠬᠢᠭᠦᠷ ᠦᠨ ᠠᠳᠬᠣᠭᠣᠯᠤᠭᠴᠢ ᠪᠣᠯᠤᠭᠰᠠᠨ
     ᠪᠢᠯᠢᠭ᠌ ᠦᠨ ᠭᠡᠭᠡᠪᠴᠢ ᠶᠢᠨ ᠰᠡᠩᠭᠡᠷᠡᠭᠦᠯᠦᠭᠴᠢ ᠪᠣᠯᠤᠭᠰᠠᠨ
     ᠡᠨᠡ ᠨᠠᠰᠣᠨ ᠤ ᠮᠢᠨᠢ ᠠᠴᠢᠲᠣ ᠬᠦᠮᠦᠨ
     ᠡᠷᠭᠢᠭᠦ ᠲᠦᠷᠦᠯ᠎ ᠦᠨ ᠮᠢᠨᠢ ᠭᠠᠪᠢᠶᠠᠲᠦ ᠬᠦᠮᠦᠨ ︕
ᠪᠠᠭᠰᠢ ᠬᠦᠮᠦᠨ ︱
     ᠰᠣᠷᠬᠣᠢ ᠶᠢᠨ ᠲᠦᠯᠦᠭᠡ ᠴᠢᠷᠮᠠᠢᠵᠣ ᠶᠠᠪᠤᠭᠰᠠᠨ
     ᠰᠣᠷᠭᠠᠬᠣᠢ ᠶᠢᠨ ᠲᠦᠯᠦᠭᠡ ᠵᠢᠳᠭᠦᠵᠦ ᠶᠠᠪᠤᠭᠰᠠᠨ
     ᠰᠦᠰᠦ ᠵᠣᠷᠢᠭ ᠲᠠᠢ ᠰᠣᠳᠣᠯᠣᠭᠴᠢ ᠬᠦᠮᠦᠨ
     ᠰᠦᠷ ᠬᠦᠴᠦᠨ  ᠲᠠᠢ ᠰᠣᠷᠭᠠᠭᠴᠢ  ᠬᠦᠮᠦᠨ ︕
ᠪᠠᠭᠰᠢ ᠬᠦᠮᠦᠨ ︱
     ᠢᠷᠡᠭᠡᠳᠦᠢ ᠬᠦᠰᠡᠯ ᠢ ᠮᠢᠨᠢ ᠰᠠᠷᠠᠭᠣᠯᠵᠢᠭᠣᠯᠣᠭᠰᠠᠨ
     ᠢᠷᠡᠬᠦ ᠮᠠᠷᠭᠠᠰᠢ ᠶᠢ ᠮᠢᠨᠢ ᠭᠡᠭᠡᠷᠡᠭᠦᠯᠦᠭᠰᠡᠨ
     ᠡᠨᠡ ᠪᠡᠶ᠎ᠡ ᠶᠢᠨ ᠮᠢᠨᠢ ᠢᠲᠡᠭᠡᠯ ᠲᠠᠢ ᠬᠦᠮᠦᠨ
     ᠠᠷᠠᠳ ᠣᠯᠠᠨ ᠤ ᠮᠢᠨᠢ ᠪᠢᠰᠢᠷᠡᠯ ᠲᠠᠢ ᠬᠦᠮᠦᠨ ︕
ᠪᠠᠭᠰᠢ ᠬᠦᠮᠦᠨ ︱
     ᠦᠷᠦᠰᠢᠶᠡᠩᠭᠦᠢ ᠰᠡᠳᠭᠢᠯᠭᠡ ᠪᠡᠷ ᠢᠶᠡᠨ ᠬᠡᠣᠬᠡᠳ ᠢᠶᠡᠨ ᠪᠣᠢᠵᠢᠭᠣᠯᠣᠭᠰᠠᠨ
     ᠦᠭᠭᠢᠶᠡᠮᠦᠷᠢᠴᠢ ᠣᠶᠣᠨ ᠢᠶᠠᠷ ᠢᠶᠠᠨ ᠰᠣᠷᠣᠭᠴᠢᠳ ᠢᠶᠠᠨ ᠬᠦᠮᠦᠵᠢᠭᠦᠯᠦᠭᠰᠡᠨ
     ᠦᠷ᠎ᠡ ᠬᠡᠣᠬᠡᠳ ᠲᠦ ᠪᠡᠨ ᠬᠠᠢᠷᠠᠯᠠᠯ ᠲᠠᠢ ᠬᠦᠮᠦᠨ
     ᠦᠰᠪᠦᠷᠢ ᠶᠢᠨ ᠰᠣᠷᠣᠭᠴᠢᠳ ᠲᠤ ᠪᠠᠨ ᠬᠦᠨᠳᠦᠳᠭᠡᠯ ᠲᠠᠢ ᠬᠦᠮᠦᠨ ︕
ᠪᠠᠭᠰᠢ ᠬᠦᠮᠦᠨ ︱
     ᠪᠣᠰᠤᠳ ᠤᠨ ᠲᠦᠯᠦᠭᠡ ᠪᠡᠶ᠎ᠡ ᠪᠡᠨ ᠦᠷᠡᠬᠦ ᠡᠴᠡ ᠠᠶᠣᠳᠠᠭ  ᠦᠭᠡᠢ
     ᠪᠣᠯᠪᠠᠰᠣᠨ ᠤ ᠲᠦᠯᠦᠭᠡ ᠠᠯᠢᠪᠠ ᠪᠠᠨ ᠵᠣᠷᠢᠭᠣᠯᠬᠤ ᠠᠴᠠ ᠵᠢᠷᠦᠭᠡᠰᠢᠶᠡᠳᠡᠭ ᠦᠭᠡᠢ
     ᠪᠦᠮᠪᠦᠷᠴᠡᠭ ᠲᠡᠯᠡᠬᠡᠢ ᠶᠢᠨ ᠰᠡᠴᠡᠨ ᠪᠠᠭᠠᠲᠣᠷ ᠬᠦᠮᠦᠨ
     ᠪᠦᠭᠦᠳᠡ ᠣᠯᠠᠨ ᠤ  ᠮᠢᠨᠢ ᠰᠡᠷᠭᠦᠯᠡᠩ ᠵᠠᠩᠵᠣᠨ ᠬᠦᠮᠦᠨ  ︕
ᠪᠠᠭᠰᠢ ᠬᠦᠮᠦᠨ ︱
     ᠰᠠᠭᠣᠭᠰᠠᠨ ᠰᠠᠢᠬᠠᠨ ᠭᠠᠵᠠᠷ  ᠲᠤ ᠪᠠᠨ
     ᠰᠣᠶᠣᠯ ᠤᠨ ᠦᠷ᠎ᠡ ᠶᠢ ᠰᠠᠴᠣᠭᠴᠢ ᠠᠵᠢᠯᠴᠢ ᠬᠦᠮᠦᠨ
     ᠣᠨᠠᠭᠰᠠᠨ ᠭᠣᠶᠣᠬᠠᠨ ᠨᠣᠲᠣᠭ ᠲᠤ ᠪᠠᠨ
     ᠣᠶᠣᠳᠠᠨ ᠰᠡᠭᠡᠭᠡᠳᠡᠨ ᠢ ᠬᠦᠮᠦᠵᠢᠭᠦᠯᠦᠭᠴᠢ ᠬᠦᠳᠡᠯᠮᠦᠷᠢᠴᠢ ᠬᠦᠮᠦᠨ ︕
ᠪᠠᠭᠰᠢ ᠬᠦᠮᠦᠨ ︱
     ᠬᠦᠷᠦᠰᠦᠲᠦ ᠲᠡᠯᠡᠬᠡᠢ ᠳᠦ ᠬᠦᠮᠦᠨ ᠪᠣᠯᠬᠤ ᠶᠢᠨ
     ᠬᠦᠯᠦᠭ ᠦᠨ ᠵᠢᠯᠣᠭᠣ ᠶᠢ ᠠᠳᠬᠣᠭᠣᠯᠤᠭᠰᠠᠨ ᠪᠣᠷᠬᠠᠨ ᠬᠦᠮᠦᠨ
     ᠰᠠᠨᠰᠠᠷ ᠶᠢᠷᠳᠢᠨᠴᠣ ᠪᠠᠷ ᠠᠶᠠᠯᠠᠨ ᠵᠣᠭᠠᠴᠠᠬᠣ ᠶᠢᠨ
     ᠨᠢᠰᠭᠡᠯ ᠦᠨ ᠡᠷᠴᠢᠯᠡᠭᠦᠷ ᠢ  ᠪᠠᠷᠢᠭᠣᠯᠤᠭᠰᠠᠨ  ᠪᠣᠭᠳᠠ ᠬᠦᠮᠦᠨ ︕
ᠪᠠᠭᠰᠢ ᠬᠦᠮᠦᠨ ︱
     ᠠᠮᠢᠳᠣᠷᠠᠬᠣᠢ ᠶᠢᠨ ᠵᠦᠭᠯᠡᠭᠦᠷ ᠢ ᠵᠦᠪ ᠵᠢᠭᠠᠭᠰᠠᠨ
     ᠦᠷᠭᠡᠨ ᠮᠡᠳᠡᠯᠭᠡ ᠭᠦᠨ ᠣᠬᠠᠭᠠᠨ ᠲᠠᠢ ᠡᠷᠳᠡᠮᠲᠡᠨ ᠬᠦᠮᠦᠨ
     ᠣᠷᠣᠰᠢᠬᠣᠢ ᠶᠢᠨ ᠴᠢᠭᠯᠡᠭᠦᠷ ᠢ ᠣᠨᠣᠪᠴᠢᠲᠠᠢ ᠲᠣᠰᠢᠶᠠᠭᠰᠠᠨ
     ᠦᠯᠡᠮᠵᠢ ᠲᠣᠷᠰᠢᠯᠭ᠎ᠠ ᠣᠷ᠎ᠠ ᠠᠪᠢᠶᠠᠰ ᠲᠠᠢ  ᠴᠢᠳᠠᠪᠦᠷᠢᠳᠠᠨ ᠬᠦᠮᠦᠨ︕
ᠪᠠᠭᠰᠢ ᠬᠦᠮᠦᠨ ︱
     ᠡᠷᠳᠡᠮ ᠦᠨ ᠲᠠᠯᠠᠢ ᠪᠠᠷ ᠱᠣᠩᠪᠠᠭᠰᠠᠨ
     ᠮᠡᠳᠡᠯᠭᠡ ᠶᠢᠨ ᠶᠢᠷᠳᠢᠨᠴᠣ ᠪᠠᠷ ᠲᠡᠨᠦᠭᠰᠡᠨ
     ᠬᠣᠪᠢᠯᠭᠠᠨ ᠡᠷᠳᠡᠮ  ᠲᠠᠶ ᠮᠡᠷᠭᠡᠨ ᠬᠦᠮᠦᠨ
     ᠬᠣᠯᠠ ᠶᠢᠨ ᠪᠣᠳᠤᠯᠭ᠎ᠠ ᠲᠠᠶ ᠭᠡᠭᠡᠨ ᠬᠦᠮᠦᠨ ︕
ᠪᠠᠭᠰᠢ ᠬᠦᠮᠦᠨ ︱
     ᠬᠠᠷᠠᠩᠭᠣᠢ ᠶᠢ ᠭᠡᠢᠭᠦᠯᠦᠭᠴᠢ ᠵᠣᠯᠠ ᠪᠣᠯᠤᠭᠰᠠᠨ
     ᠬᠠᠮᠤᠭ ᠢ ᠭᠡᠷᠡᠯᠳᠦᠭᠦᠯᠦᠭᠴᠢ ᠯᠠ ᠪᠣᠯᠤᠭᠰᠠᠨ
     ᠮᠡᠳᠡᠯᠭᠡ ᠡᠷᠳᠡᠮ ᠢᠶᠡᠷ ᠪᠠᠶᠠᠯᠢᠭ ᠬᠦᠮᠦᠨ
     ᠮᠣᠷᠠᠯ ᠰᠣᠷᠳᠠᠯ ᠢᠶᠠᠷ ᠴᠢᠭ᠍ᠴᠢ ᠬᠦᠮᠦᠨ ︕
ᠪᠠᠭᠰᠢ ᠬᠦᠮᠦᠨ ︱
     ᠦᠷ᠎ᠡ ᠪᠡᠨ ᠭᠡᠪᠡᠯ ᠦᠷᠦ ᠵᠢᠷᠦᠬᠡᠨ ᠡᠴᠡ ᠪᠡᠨ ᠪᠦᠪᠡᠢᠯᠡᠭᠰᠡᠨ
     ᠰᠣᠷᠤᠭᠴᠢ ᠪᠠᠨ ᠭᠡᠪᠡᠯ ᠰᠡᠳᠭᠢᠯ ᠦᠨ ᠣᠭ ᠠᠴᠠ ᠪᠠᠨ ᠬᠠᠢᠷᠠᠯᠠᠭᠰᠠᠨ
     ᠠᠨᠠᠪᠠᠳ ᠲᠠᠯᠠᠢ ᠠᠴᠠ ᠴᠤ ᠭᠦᠨ ᠠᠴᠢ ᠭᠠᠪᠢᠶ᠎ᠠ ᠲᠠᠢ ᠡᠴᠢᠭᠡ ᠬᠦᠮᠦᠨ
     ᠰᠦᠮᠪᠦᠷ ᠠᠭᠣᠯᠠ ᠠᠴᠠ ᠴᠤ ᠦᠨᠳᠦᠷ ᠦᠷᠦᠰᠢᠶᠡᠯ ᠬᠠᠢᠷ᠎ᠠ ᠲᠠᠢ ᠡᠵᠢ ᠬᠦᠮᠦᠨ ︕
ᠪᠠᠭᠰᠢ ᠬᠦᠮᠦᠨ ︱
     ᠡᠴᠢᠭᠡ ᠡᠬᠡ ᠨᠢ ᠦᠷ᠎ᠡ ᠶᠢᠨ ᠢᠶᠡᠨ ᠲᠦᠯᠦᠭᠡ
     ᠦᠰᠦ ᠴᠠᠢᠵᠣ ᠰᠢᠳᠦ ᠣᠨᠠᠨ᠎ᠠ ᠭᠡᠬᠦᠯᠡᠷ
     ᠪᠠᠭᠰᠢ ᠬᠦᠮᠦᠨ ᠰᠣᠷᠤᠭᠴᠢ ᠶᠢᠨ ᠢᠶᠡᠨ ᠲᠦᠯᠦᠭᠡ
     ᠶᠠᠰᠤ ᠴᠠᠢᠵᠣ  ᠴᠢᠮᠦᠭᠡ ᠲᠣᠨᠳᠠᠷᠠᠨ᠎ᠠ ᠡ ᠁


ᠬᠠᠶᠠᠭ᠄  ᠬᠢᠩᠭᠠᠨ ᠠᠢᠮᠠᠭ ᠵᠠᠯᠠᠢᠳ ᠬᠤᠰᠢᠭᠣ

ᠵᠤᠬᠢᠶᠠᠭᠴᠢ᠄ ᠪᠣᠤ ᠵᠢᠨᠵᠤᠸᠠᠨᠭᠽᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 10850
ᠴᠠᠭ᠄ 2023 ᠤᠨ ᠤ 03 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ