☆ ᠨᠤ᠋·ᠪᠠᠭᠠᠲᠤᠷ
ᠸᠠᠩ ᠤᠪᠤᠭᠲᠠᠨ ᠤ ᠬᠤᠪᠢᠰᠴᠤ ᠤᠯᠠᠷᠢᠭᠰᠠᠨ ᠲᠡᠦᠬᠡ
ᠯᠢᠶᠤᠤᠨᠢᠩ ᠮᠤᠵᠢ ᠶᠢᠨ ᠹᠦᠰᠢᠨ ᠤ ᠮᠤᠩᠭ᠋ᠤᠯ ᠦᠨᠳᠦᠰᠦᠳᠠᠨ ᠤ ᠥᠪᠠᠷᠳᠡᠭᠡᠨ ᠵᠠᠰᠠᠬᠤ ᠰᠢᠶᠠᠨ᠂ ᠵᠠᠩ ᠡᠤ ᠰᠢᠶᠠᠨ᠂ ᠦᠪᠣᠷ ᠮᠤᠩᠭ᠋ᠤᠯ ᠤᠨ ᠳᠦᠩᠯᠢᠶᠤᠤ ᠬᠤᠳᠠ ᠶᠢᠨ ᠭᠦᠷᠢᠶ᠎ᠡ ᠬᠤᠰᠢᠭᠤ ᠪᠣᠯᠤᠨ ᠬᠤᠷᠴᠢᠨ ᠵᠡᠭᠦᠨ ᠭᠠᠷ ᠤᠨ ᠬᠣᠢ᠌ᠳᠤ ᠬᠤᠰᠢᠭᠤ ᠵᠡᠷᠭᠡ ᠭᠠᠵᠠᠷ ᠶᠢᠡᠷ ᠳᠠᠷᠬᠠᠨ ᠰᠠᠭᠤᠵᠤ ᠪᠠᠢ᠌ᠭ᠎ᠠ ᠸᠠᠩ ᠣᠪᠣᠭᠳᠠᠢ ᠮᠤᠩᠭ᠋ᠤᠯᠴᠤᠳ ᠪᠣᠯ ᠴᠦᠮ ᠴᠠᠬᠠᠷ ᠤᠨ ᠸᠠᠩᠴᠢᠨ ᠠᠢ᠌ᠮᠠᠭ ᠡᠴᠡ ᠰᠠᠯᠪᠣᠷᠢᠯᠠᠵᠤ ᠭᠠᠷᠤᠭᠰᠠᠨ ᠭᠦᠮᠦᠰ ᠤᠳ ᠪᠣᠯᠤᠨ᠎ᠡ᠃ ᠶᠤᠸᠠᠨ ᠣᠯᠤᠰ ᠤᠨ ᠳᠤᠭᠤᠠᠳᠠᠮᠤᠷ ᠬᠠᠭᠠᠨ ᠳᠠᠢ᠌ᠳᠤ ᠬᠤᠳᠠᠨ ᠡᠴᠠ ᠣᠬᠤᠷᠢᠵᠤ ᠭᠠᠷᠤᠭᠰᠠᠨ ᠤ ᠳᠠᠷᠠᠭ᠎ᠠ᠂ ᠱᠠᠩᠳᠤ ᠭᠡᠢ᠌ᠪᠠᠩ ᠭᠦᠷᠳᠤ ᠪᠠᠯᠭᠠᠰᠤᠨ᠎ᠠ ᠣᠯᠤᠩ ᠶᠢᠡᠨ ᠴᠢᠩᠭ᠋ᠠᠯᠠᠭᠰᠠᠨ ᠶᠢᠡᠨ ᠳᠡᠭᠡᠳᠤ ᠶᠢᠨ ᠨᠤᠳᠤᠭ ᠬᠠᠷ᠎ᠠ ᠬᠤᠷᠢᠨ ᠵᠥᠭ᠌ ᠵᠢᠯᠤᠭᠤ ᠰᠤᠩᠭ᠋ᠠᠭᠰᠠᠨ ᠪᠠᠢ᠌ᠨ᠎ᠠ᠃ ᠳᠡᠭᠦᠨ ᠤ ᠬᠣᠢ᠌ᠨ᠎ᠡ ᠡᠴᠠ ᠣᠯᠠᠩᠭ᠋ᠠᠰᠤᠨ ᠨᠦᠷᠢᠵᠤ ᠢᠷᠡᠭ᠍ᠰᠡᠨ ᠵᠤ ᠶᠤᠸᠠᠨ ᠵᠠᠩ᠂ ᠮᠤᠩᠭ᠋ᠤᠯ ᠤᠨ ᠳᠡᠭᠡᠳᠤ ᠨᠠᠢ᠌ᠰᠯᠠᠯ ᠢ ᠳᠤᠨᠤᠵᠤ ᠳᠠᠮᠳᠤᠭᠯᠠᠭᠠᠤᠨ ᠣᠢ᠌ᠷ᠎ᠠ ᠬᠠᠪᠢ ᠶᠢᠨ ᠠᠷᠠᠤᠨ ᠢᠷᠭᠡᠤᠨ ᠢ ᠠᠯᠠᠵᠤ ᠭᠢᠳᠤᠬᠤ ᠳᠤ᠂ ᠱᠠᠩᠳᠤ ᠶᠢᠨ ᠰᠢᠷ᠎ᠠ ᠳᠠᠯ᠎ᠠ ᠳᠡᠭᠡᠷ᠎ᠡ ᠣᠷᠤᠩᠨᠠᠵᠤ ᠪᠠᠢ᠌ᠭᠰᠠᠨ ᠠᠢ᠌ᠮᠠᠭ ᠤᠨ ᠠᠬᠠᠯᠠᠭᠴᠢ ᠸᠠᠩᠴᠤᠭ ᠡᠴᠡ ᠠᠢ᠌ᠮᠠᠭ ᠤᠨ ᠣᠯᠠᠨ ᠶᠢᠡᠨ ᠳᠠᠭᠠᠭᠤᠯᠤᠨ ᠵᠡᠭᠦᠡᠰᠢ ᠳᠤᠳᠠᠭᠠᠵᠤ᠂ ᠰᠢᠷᠠᠮᠦ᠋ᠷᠠᠨ ᠤ ᠳᠤᠤᠷ᠎ᠠ ᠣᠷᠤᠰᠬᠠᠯ ᠣᠷᠤᠭᠤ ᠳᠦᠷᠪᠡᠵᠤ ᠭᠠᠷᠤᠭᠠᠤᠨ ᠦᠩ ᠰᠢᠮᠡᠯᠢᠭ᠌ ᠭᠦᠷᠦᠰᠤ ᠰᠢᠷᠤᠢ ᠲᠡᠶ᠂ ᠣᠷᠤᠰᠬᠠᠯ ᠳᠤᠩᠭ᠋ᠠᠯᠠᠭ ᠪᠣᠯᠠᠭ ᠱᠠᠩᠳᠠ ᠲᠡᠶ ᠰᠥᠷᠦᠭ᠌ ᠤᠨ ᠳᠠᠯ᠎ᠠ ᠳᠡᠭᠡᠷ᠎ᠡ ᠭᠦᠯ ᠳᠤᠭᠳᠠᠨ ᠡᠷᠦᠭᠡ ᠰᠡᠭᠦᠭ᠍ᠰᠡᠨ ᠠᠵᠢ᠃ ᠠ᠊·ᠲᠦᠮᠡᠨ ᠤ ᠵᠤᠬᠢᠶᠠᠭᠰᠠᠨ 《ᠮᠤᠩᠭ᠋ᠤᠯ ᠦᠨᠳᠦᠰᠦᠳᠠᠨ ᠤ ᠨᠡᠢ᠌ᠭᠡᠮ ᠤᠨ ᠪᠠᠢ᠌ᠭᠤᠯᠤᠯ ᠤᠨ ᠨᠠᠷᠠᠢ᠌ᠳᠤᠯ ᠳᠠᠢ᠌ᠯᠪᠣᠷᠢ》 ᠭᠡᠰᠡᠨ ᠵᠤᠬᠢᠶᠠᠯ ᠳᠤ 《ᠮᠢᠩ ᠣᠯᠤᠰ ᠤᠨ ᠰᠡᠭᠦᠯᠴᠢ ᠪᠠᠷ ᠴᠠᠬᠠᠷ ᠠᠢ᠌ᠮᠠᠭ ᠨᠢ ᠵᠡᠭᠦᠡᠰᠢ ᠨᠡᠭᠦᠳᠡᠯᠯᠡᠵᠤ ᠯᠤᠤᠬ᠎ᠠ ᠶᠢᠨ ᠭᠤᠤᠯ ᠤᠨ ᠵᠡᠭᠦᠨ᠎ᠡ᠂ ᠯᠢᠶᠦᠦᡁᠧ ᠭᠤᠤᠯ ᠤᠨ ᠪᠠᠷᠠᠭᠤᠠᠳᠠᠭᠢ ᠣᠷᠤᠨ ᠶᠢᠡᠷ ᠨᠡᠭᠦᠳᠡᠯᠯᠡᠨ ᠮᠠᠯᠵᠢᠵᠤ ᠪᠠᠢ᠌ᠭᠰᠠᠨ ᠶᠤᠮ》 ᠭᠡᠵᠡᠢ᠃ ᠭᠦᠷᠡᠯᠱᠠᠭᠠ ᠶᠢᠨ ᠪᠢᠴᠢᠭ᠍ᠰᠡᠨ 《ᠰᠢᠷᠡᠭᠡᠳᠤ ᠭᠦᠷᠢᠶᠡᠨ ᠤ ᠵᠠᠰᠠᠭ ᠯᠠᠮᠠ ᠶᠢᠨ ᠬᠤᠰᠢᠭᠤ》 ᠭᠡᠰᠡᠨ ᠵᠤᠬᠢᠶᠠᠯ ᠳᠤ 《ᠮᠢᠩ ᠣᠯᠤᠰ ᠤᠨ ᠸᠠᠨ ᠯᠢ ᠶᠢᠨ ᠣᠨ (1573 ᠊᠊᠊᠊᠊᠊᠊᠊᠊᠊᠊᠊᠊᠊᠊ 1576) ᠳ᠋ᠤ ᠴᠠᠬᠠᠷ ᠤᠨ ᠯᠢᠭ᠍ᠳᠡᠨ ᠬᠠᠭᠠᠨ ᠭᠦᠷᠢᠶ᠎ᠡ ᠬᠤᠰᠢᠭᠤᠨ ᠳᠤ ᠢᠷᠠᠵᠤ ᠨᠤᠳᠤᠭᠰᠢᠨ ᠰᠠᠭᠤᠵᠠᠢ》 ᠭᠡᠵᠤ ᠳᠡᠮᠳᠡᠭᠯᠡᠭ᠍ᠰᠡᠨ ᠲᠡᠶ ᠳ᠋ᠦᠢᠴᠠᠵᠤ ᠪᠠᠢ᠌ᠨ᠎ᠠ᠃
1636 ᠣᠨ ᠳᠤ᠂ ᠬᠤᠩ ᠳᠠᠢ᠌ᠵᠢ ᠭᠤᠪᠢ ᠶᠢᠨ ᠡᠮᠦᠨᠡᠳᠡᠭᠢ ᠬᠤᠷᠢᠨ ᠳᠦᠷᠪᠡᠨ ᠠᠢ᠌ᠮᠠᠭ ᠤᠨ ᠨᠤᠶᠠᠤᠨ ᠢ ᠮᠥᠭ᠍ᠳᠡᠨ ᠳᠤ ᠴᠤᠭᠯᠠᠭᠤᠯᠤᠨ ᠦᠪᠡᠷ ᠤᠨ ᠪᠠᠶ᠎ᠠ ᠪᠠᠨ ᠨᠠᠢ᠌ᠳᠠ ᠶᠢᠨ ᠬᠠᠭᠠᠨ ᠶᠢᠡᠷ ᠡᠷᠭᠦᠮᠵᠢᠯᠡᠵᠤ᠂ ᠴᠢᠩ ᠣᠯᠤᠰ ᠢ ᠪᠠᠢ᠌ᠭᠤᠯᠤᠭᠠᠤᠨ ᠡᠮᠦᠨᠡᠰᠢ ᠳᠦᠷᠢᠭᠦ ᠠᠯᠬᠤᠮ ᠶᠢᠡᠨ ᠳᠦᠷᠭᠡᠳᠭᠡᠭ᠍ᠰᠡᠨ ᠪᠠᠢ᠌ᠪᠠ᠃ ᠡᠨᠡ ᠦᠶ᠎ᠡ ᠳᠤ ᠳᠠᠢ᠌ᠽᠤ ᠬᠠᠭᠠᠨ ᠨᠤᠷᠬᠠᠴᠢ ᠪᠣᠯᠤᠨ ᠡᠭᠡ ᠬᠠᠳᠤᠨ ᠶᠡᠭᠡ ᠨᠠᠷᠠ ᠣᠪᠣᠭᠳᠤ ᠶᠢᠨ ᠭᠡᠭᠦᠷ ᠣᠩᠭ᠋ᠤᠨ ᠢ ᠨᠢᠭᠡᠨᠲᠡ ᠪᠠᠢ᠌ᠭᠤᠯᠵᠤ ᠪᠠᠷᠠᠭᠠᠤᠨ᠂ ᠦᠪᠣᠷ ᠮᠤᠩᠭ᠋ᠤᠯ ᠤᠨ ᠡᠯ᠎ᠡ ᠬᠤᠰᠢᠭᠤ ᠡᠴᠠ ᠳᠠᠳᠠᠪᠣᠷᠢᠯᠠᠵᠤ ᠠᠪᠴᠢᠷᠠᠭᠰᠠᠨ ᠣᠩᠭ᠋ᠤᠨ ᠳᠠᠭᠢᠯᠭ᠎ᠠ ᠶᠢᠨ ᠮᠠᠯ ᠰᠥᠷᠦᠭ᠌ ᠢ ᠮᠥᠭ᠍ᠳᠡᠨ ᠡᠴᠠ ᠬᠣᠢ᠌ᠰᠢᠭᠢ ᠯᠢᠶᠦᠦᡁᠧ ᠭᠤᠤᠯ ᠤᠨ ᠳᠠᠠᠵᠢᠨ ᠳᠤ ᠠᠷᠠᠴᠢᠯᠠᠨ ᠮᠠᠯᠵᠢᠵᠤ᠂ ᠸᠠᠩᠴᠤᠭ ᠤᠨ ᠨᠢᠭᠡ ᠠᠢ᠌ᠮᠠᠭ ᠣᠯᠤᠰ ᠢ ᠳᠠᠳᠠᠪᠣᠷᠢᠯᠠᠵᠤ ᠠᠪᠠᠴᠢᠭᠠᠤᠨ ᠮᠠᠯ ᠬᠠᠷᠢᠭᠤᠯᠠᠭᠤᠯᠵᠤ ᠪᠠᠢ᠌ᠵᠠᠢ᠃ ᠡᠨᠡ ᠦᠶᠡᠰ᠂ ᠦᠪᠣᠷ ᠮᠤᠩᠭ᠋ᠤᠯ ᠤᠨ ᠶᠡᠭᠡᠩᠭᠢ ᠭᠡᠰᠡᠭ᠌ ᠭᠠᠵᠠᠷ ᠮᠠᠠᠵᠤ ᠶᠢᠨ ᠨᠤᠶᠠᠷᠬᠠᠯ ᠳᠤᠤᠷ᠎ᠠ ᠣᠷᠤᠭᠠᠤᠨ ᠴᠢᠩ ᠣᠯᠤᠰ ᠤᠨ ᠳᠦᠷᠢᠵᠤ ᠦᠷᠭᠡᠳᠭᠡᠭᠦ ᠳᠠᠢ᠌ᠨ ᠤ ᠥᠷᠡᠭ᠍ᠳᠡᠯ ᠪᠣᠯᠵᠤ ᠪᠠᠢ᠌ᠯ᠎ᠠ᠃ ᠳᠡᠭᠡᠭᠦ ᠳᠤ᠂ ᠣᠩᠭ᠋ᠤᠨ ᠰᠠᠭᠢᠭᠴᠢ ᠪᠣᠯᠤᠨ ᠣᠩᠭ᠋ᠤᠨ ᠰᠥᠷᠦᠭ᠌ ᠤᠨ ᠮᠠᠯᠴᠢᠳ ᠲᠤ ᠴᠡᠷᠢᠭ᠌ ᠤᠨ ᠠᠯᠪᠠ ᠪᠣᠯᠤᠨ ᠪᠣᠳᠠᠰ ᠤᠨ ᠠᠯᠪᠠ ᠭᠦᠴᠤᠨ ᠤ ᠠᠯᠪᠠ ᠳᠤᠯᠭᠠᠬᠤ ᠦᠭᠡᠶ ᠪᠣᠯᠬᠤᠷ ᠠᠵᠤ ᠠᠮᠢᠳᠤᠷᠠᠯ ᠨᠢ ᠮᠠᠰᠢ ᠳᠤᠭᠳᠠᠭᠤᠨ ᠪᠠᠢ᠌ᠵᠤ᠂ ᠰᠠᠯᠵᠤ ᠳᠦᠷᠪᠠᠭ᠍ᠰᠡᠨ ᠠᠢ᠌ᠮᠠᠭ ᠤᠨ ᠭᠦᠮᠦᠰ ᠬᠤᠷᠠᠵᠤ ᠴᠤᠭᠯᠠᠭᠰᠠᠭᠠᠷ ᠪᠠᠢ᠌ᠭᠠᠤᠨ ᠡᠷᠦᠭᠡ ᠨᠢ ᠣᠯᠠᠰᠢᠷᠠᠵᠤ ᠭᠦᠮᠤᠨ ᠨᠢ ᠵᠤᠵᠠᠭᠠᠷᠠᠭᠠᠤᠨ ᠠᠢ᠌ᠮᠠᠭ ᠤᠨ ᠨᠠᠷᠠ ᠪᠠᠨ 《ᠸᠠᠩᠴᠢᠨ》 ᠭᠡᠵᠤ ᠨᠡᠷᠡᠯᠡᠭᠦ ᠪᠣᠯᠵᠠᠢ᠃ 《ᠸᠠᠩᠴᠢᠨ》 ᠭᠡᠳᠡᠭ᠌ ᠨᠢ 《ᠸᠠᠩᠴᠤᠭ ᠤᠨ ᠭᠢᠨ》 ᠭᠡᠰᠡᠨ ᠣᠠᠳᠤᠤᠰᠢᠭᠰᠠᠨ ᠨᠠᠷᠠ ᠮᠦᠨ ᠪᠦᠭᠡᠤᠨ᠂ 《ᠴᠢᠨ》 ᠳᠠᠭᠠᠪᠣᠷᠢ ᠨᠢ ᠡᠷᠳᠡᠨ ᠤ ᠮᠤᠩᠭ᠋ᠤᠯ ᠭᠡᠯᠡᠨ ᠳᠤ ᠣᠯᠠᠨ ᠳᠤᠭ᠎ᠠ ᠶᠢ ᠵᠢᠭᠠᠭᠰᠠᠨ ᠪᠠᠢ᠌ᠳᠠᠭ᠃
ᠡᠶᠡᠪᠠᠷ ᠵᠠᠰᠠᠭᠴᠢ ᠶᠢᠨ ᠳᠦᠷᠪᠠᠳᠦᠭᠡᠷ ᠣᠨ (1647) ᠳᠤ᠂ ᠬᠠᠭᠠᠨ ᠰᠠᠩ ᠤᠨ ᠮᠠᠯ ᠭᠦᠷᠦᠩᠭᠡ ᠵᠤᠵᠠᠭᠠᠷᠠᠵᠤ᠂ ᠨᠠᠢ᠌ᠰᠯᠠᠯ ᠬᠠᠪᠢ ᠶᠢᠨ ᠨᠤᠳᠤᠭ ᠪᠠᠯᠴᠢᠭᠡᠷ ᠪᠠᠭᠳᠠᠭᠠᠬᠤ ᠦᠭᠡᠶ ᠪᠣᠯᠤᠭᠰᠠᠨ᠎ᠠ᠂ ᠬᠤᠷᠴᠢᠨ ᠤ ᠡᠯ᠎ᠡ ᠬᠤᠰᠢᠭᠤᠨ ᠡᠴᠠ ᠰᠢᠨ᠎ᠡ ᠪᠠᠷ ᠳᠠᠳᠠᠪᠣᠷᠢᠯᠠᠵᠤ ᠠᠪᠴᠢᠷᠠᠭᠰᠠᠨ ᠮᠠᠯ ᠰᠥᠷᠦᠭ᠌ ᠢ ᠣᠤᠯ ᠤᠨ ᠣᠩᠭ᠋ᠤᠨ ᠳᠠᠭᠢᠯᠭ᠎ᠠ ᠶᠢᠨ ᠰᠥᠷᠦᠭ᠌ ᠲᠡᠶ ᠨᠡᠢ᠌ᠯᠡᠭᠦᠯᠵᠤ ᠶᠠᠩᠰᠢᠪ ᠤᠨ ᠭᠤᠤᠯ ᠤᠨ ᠳᠠᠠᠵᠢᠨ ᠳᠤ ᠰᠥᠷᠦᠭ᠌ ᠬᠤᠪᠢᠶᠠᠨ ᠮᠠᠯᠵᠢᠭᠤᠯᠤᠭᠰᠠᠨ ᠪᠠᠢ᠌ᠨ᠎ᠠ᠃ ᠸᠠᠩᠴᠢᠨ ᠠᠢ᠌ᠮᠠᠭ ᠤᠨ ᠭᠢᠨ ᠰᠥᠷᠦᠭ᠌ ᠶᠢᠡᠨ ᠳᠠᠭᠠᠵᠤ ᠣᠮᠠᠷᠠᠰᠢ ᠨᠡᠭᠦᠳᠡᠯᠯᠡᠨ ᠣᠳᠤᠭᠢ ᠯᠢᠶᠤᠤᠨᠢᠩ ᠮᠤᠵᠢ ᠶᠢᠨ ᠵᠠᠩ ᠡᠤ ᠰᠢᠶᠠᠨ᠂ ᠹᠦᠰᠢᠨ ᠰᠢᠶᠠᠨ ᠤ ᠭᠠᠵᠠᠷ ᠢᠷᠠᠵᠤ ᠨᠤᠳᠤᠭᠰᠢᠭᠰᠠᠨ ᠪᠢᠯᠠ᠃ ᠶᠡᠭᠡ ᠵᠤᠬᠢᠶᠠᠯᠴᠢ ᠮᠠᠨᠢᠵᠠᠪ ᠤᠨ ᠳᠡᠭᠡᠳᠦᠰ ᠨᠢ ᠸᠠᠩᠴᠢᠨ ᠠᠢ᠌ᠮᠠᠭ ᠤᠨ ᠠᠬᠠᠯᠠᠭᠴᠢ ᠸᠠᠩᠴᠤᠭ ᠪᠣᠯᠬᠤ ᠪᠦᠭᠡᠤᠨ᠂ ᠭᠡᠷ ᠤᠨ ᠴᠠᠳᠢᠭ ᠲᠠᠭᠠᠨ ᠪᠦᠭᠦᠢᠯᠡ ᠠᠢ᠌ᠮᠠᠭ ᠤᠨ ᠬᠤᠪᠢᠰᠴᠤ ᠣᠯᠠᠷᠢᠭᠰᠠᠨ ᠳᠡᠦᠭᠡ ᠪᠠᠨ ᠳᠡᠮᠳᠡᠭᠯᠡᠭ᠍ᠰᠡᠨ ᠶᠢᠡᠷ᠂ ᠡᠨᠡ ᠭᠡᠰᠡᠭ᠌ ᠪᠣᠳᠠᠳᠤ ᠳᠡᠦᠭᠡ ᠭᠡᠭᠡᠭ᠍ᠳᠡᠯ ᠦᠭᠡᠶ ᠳᠡᠮᠳᠡᠭᠯᠡᠭ᠍ᠳᠡᠨ ᠦᠯᠠᠳᠠᠵᠠᠢ᠃ ᠣᠳᠤ ᠳᠦᠩᠯᠢᠶᠤᠤ ᠬᠤᠳᠠ ᠶᠢᠨ ᠭᠦᠷᠢᠶ᠎ᠡ ᠬᠤᠰᠢᠭᠤᠨ ᠳᠤ 《ᠵᠡᠭᠦᠨ ᠪᠠᠷᠠᠭᠤᠨ ᠵᠤᠤᠬᠠᠴᠢᠨ ᠠᠢ᠌ᠯ》 ᠭᠡᠵᠤ ᠪᠠᠢ᠌ᠳᠠᠭ ᠪᠦᠭᠡᠤᠨ᠂ ᠣᠯᠠᠩᠭᠢ ᠨᠢ ᠸᠠᠩ ᠣᠪᠣᠭᠳᠠᠢ ᠪᠠᠢ᠌ᠵᠤ᠂ ᠣᠩᠭ᠋ᠤᠨ ᠰᠥᠷᠦᠭ᠌ ᠤᠨ ᠮᠠᠯᠴᠢᠨ ᠪᠠᠢ᠌ᠭᠰᠠᠨ ᠶᠢᠡᠨ ᠨᠠᠰᠤᠳᠠᠤᠨ ᠪᠦᠷ ᠴᠡᠭᠡᠵᠢᠯᠡᠵᠤ ᠪᠠᠢ᠌ᠳᠠᠭ ᠶᠢᠡᠷ ᠪᠠᠷᠠᠬᠤ ᠦᠭᠡᠶ᠂ ᠯᠠᠮᠠ ᠶᠢᠨ ᠬᠤᠰᠢᠭᠤ ᠭᠦᠷᠢᠶ᠎ᠡ ᠶᠢ ᠪᠠᠢ᠌ᠭᠤᠯᠬᠤ ᠦᠶᠡᠰ ᠶᠠᠭᠠᠭᠢᠵᠤ ᠳᠠᠳᠠᠪᠣᠷᠢᠯᠠᠵᠤ ᠠᠪᠴᠢᠷᠠᠭᠰᠠᠨ ᠢ ᠨᠠᠷᠢᠨ ᠳᠤᠳᠤᠷᠬᠠᠢ ᠬᠠᠭᠤᠴᠢᠯᠠᠵᠤ ᠪᠠᠢ᠌ᠳᠠᠭ᠃ ᠳᠠᠳᠠᠨᠤᠰ ᠪᠣᠯ ᠨᠠᠶᠠᠨ ᠵᠠᠩ ᠳᠤᠭᠠᠩ ᠲᠡᠶ᠂ ᠱᠠᠰᠢᠨ ᠪᠣᠯᠤᠨ ᠵᠠᠰᠠᠭ ᠢ ᠵᠡᠷᠭᠡᠪᠠᠷ ᠶᠠᠪᠣᠭᠤᠯᠵᠤ ᠪᠠᠢ᠌ᠭᠰᠠᠨ ᠭᠦᠷᠢᠶᠡᠨ ᠰᠦᠮ᠎ᠡ ᠶᠢᠨ ᠲᠦᠯᠡᠰᠢ ᠭᠠᠯ ᠬᠠᠮᠢᠶᠠᠷᠤᠳᠠᠭ ᠵᠤᠤᠬᠠᠨ ᠪᠣᠭᠤᠯ ᠪᠠᠢ᠌ᠭᠰᠠᠨ ᠶᠢᠡᠷ 《ᠵᠤᠤᠬᠠᠴᠢᠨ》 ᠭᠡᠵᠤ ᠨᠡᠷᠡᠯᠡᠭ᠍ᠳᠡᠭ᠍ᠰᠡᠨ ᠪᠠᠢ᠌ᠨ᠎ᠠ᠃ ᠪᠦᠷᠢᠨ ᠪᠣᠰᠤ ᠪᠦᠷᠢᠦᠡᠭᠡᠯ ᠢ ᠦᠨᠳᠦᠰᠦᠯᠠᠪᠠᠯ᠂ ᠸᠠᠩᠴᠢᠨ ᠠᠢ᠌ᠮᠠᠭ ᠤᠨ ᠭᠢᠨ ᠭᠦᠮᠤᠨ ᠪᠦᠯᠢ ᠵᠤᠵᠠᠭᠠᠷᠠᠭᠠᠤᠨ ᠯᠢᠶᠤᠤᠨᠢᠩ ᠮᠤᠵᠢ᠂ ᠣᠯᠠᠭᠠᠠᠬᠠᠳᠠ ᠬᠤᠳᠠ᠂ ᠰᠢᠯᠢ ᠶᠢᠨ ᠭᠤᠤᠯ᠂ ᠭᠦᠯᠤᠨ ᠪᠣᠢ᠌ᠷ ᠶᠢᠡᠷ ᠳᠠᠷᠬᠠᠨ ᠰᠠᠭᠤᠷᠢᠰᠢᠵᠤ ᠪᠣᠢ ᠪᠦᠭᠡᠤᠨ᠂ ᠸᠠᠩᠴᠢᠨ ᠪᠣᠶᠤ ᠸᠠᠩᠨᠤᠳ ᠭᠡᠰᠡᠨ ᠠᠢ᠌ᠮᠠᠭ ᠤᠨ ᠨᠠᠷᠠᠢ᠌ᠳᠤᠯ ᠶᠢᠡᠨ ᠳᠤᠪᠴᠢᠯᠠᠵᠤ 《ᠸᠠᠩ ᠣᠪᠣᠭᠳᠠᠨ》 ᠭᠡᠵᠤ ᠳᠠᠭᠤᠳᠠᠵᠠᠭᠠᠵᠤ ᠪᠣᠢ ᠠᠵᠢ᠃ ᠠᠷᠪᠠᠨ ᠵᠢᠯ ᠤᠨ ᠰᠠᠮᠠᠭᠤᠷᠠᠯ ᠤᠨ ᠶᠡᠭᠡ ᠭᠢᠳᠠᠤᠠᠴᠢᠯᠠᠬᠤ ᠲᠦᠷᠦ ᠶᠢᠨ ᠪᠣᠳᠤᠯᠭ᠎ᠠ ᠶᠢᠨ ᠪᠠᠷᠠᠭᠠᠨ ᠰᠢᠭᠤᠷᠭᠠᠨ ᠳᠤ᠂ ᠨᠢᠭᠡ ᠪᠦᠯᠦᠭ᠌ ᠭᠦᠮᠦᠰ ᠠᠮᠢ ᠪᠠᠶ᠎ᠠ ᠪᠠᠨ ᠪᠦᠭᠡᠴᠡᠢ᠌ᠯᠡᠭᠦ ᠡᠭᠦᠳᠡᠨ ᠡᠴᠠ ᠦᠪᠡᠷ ᠤᠨ ᠠᠢ᠌ᠮᠠᠭ ᠶᠢᠡᠨ ᠭᠢᠳᠠᠤᠨ 《ᠸᠠᠩ》 ᠪᠣᠯᠭᠠᠬᠤ ᠪᠠᠷ ᠭᠡᠢ ᠳᠡᠮᠡᠢ᠌ᠷᠡᠭᠡᠤᠨ᠂ ᠮᠤᠩᠭ᠋ᠤᠯ ᠨᠢ ᠳᠡᠭᠦᠨ ᠢ 《ᠣᠷᠪᠠᠭᠰᠠᠨ ᠭᠢᠳᠠᠤᠨ》 ᠭᠡᠵᠤ ᠵᠢᠭ᠍ᠰᠢᠭᠦ ᠳᠤ᠂ ᠭᠢᠳᠠᠤᠨ ᠨᠢ ᠳᠡᠭᠦᠨ ᠢ 《ᠣᠷᠭᠤᠳᠤᠭᠤᠯ ᠮᠤᠩᠭ᠋ᠤᠯ》 ᠭᠡᠮᠡᠨ ᠳᠤᠷᠤᠮᠵᠢᠯᠠᠳᠠᠭ ᠪᠠᠢ᠌ᠭᠰᠠᠨ ᠳᠤᠮᠤᠭ ᠪᠣᠢ᠃ ᠣᠳᠤᠮ ᠰᠤᠳᠤᠷ ᠶᠢᠡᠨ ᠳᠤᠳᠤᠷᠠᠭᠤᠯᠵᠤ᠂ ᠠᠢ᠌ᠮᠠᠭ ᠤᠨ ᠨᠠᠷᠠᠢ᠌ᠳᠤᠯ ᠶᠢᠡᠨ ᠰᠡᠷᠭᠦᠭᠡᠭᠦ ᠪᠣᠯ ᠦᠨᠳᠦᠰᠦᠳᠠᠨ ᠶᠠᠰᠤᠳᠠᠨ ᠤ ᠰᠡᠷᠭᠦᠨ ᠮᠠᠠᠳᠤᠬᠤ ᠶᠢᠨ ᠵᠠᠩᠭᠢᠯᠠᠭ᠎ᠠ ᠶᠢᠨ ᠠᠯᠬᠤᠮ ᠪᠣᠯᠬᠤ ᠶᠤᠮ᠃ ᠨᠢᠭᠡ ᠠᠢ᠌ᠮᠠᠭ ᠣᠭᠰᠠᠭᠠᠳᠠᠨ ᠤ ᠬᠤᠪᠢᠰᠴᠤ ᠣᠯᠠᠷᠢᠭᠰᠠᠨ ᠴᠠᠳᠢᠭ ᠨᠢ ᠮᠦᠨᠴᠤ ᠪᠦᠭᠦᠢᠯᠡ ᠣᠯᠤᠰ ᠦᠨᠳᠦᠰᠦᠳᠠᠨ ᠤ ᠮᠠᠠᠳᠤᠵᠤ ᠪᠠᠭᠤᠷᠠᠭᠰᠠᠨ ᠪᠠᠭᠠᠰᠬᠠᠯ ᠳᠡᠦᠭᠡ ᠪᠣᠯᠤᠨ᠎ᠡ᠃ ᠳᠠᠭᠠᠭᠤᠯᠡᠷ ᠪᠢᠳᠠ ᠣᠯᠤᠰ ᠦᠨᠳᠦᠰᠦᠳᠠᠨ ᠤ ᠪᠠᠨ ᠥᠭᠡᠳᠡᠯᠡᠨ ᠮᠠᠠᠳᠤᠬᠤ ᠶᠡᠭᠡ ᠣᠢ᠌ᠯᠠᠰ ᠲᠤ ᠨᠢᠭᠡᠨ ᠮᠦᠷᠤᠨ ᠤ ᠭᠦᠴᠤ ᠪᠠᠨ ᠡᠷᠭᠦᠵᠤ᠂ ᠠᠢ᠌ᠮᠠᠭ ᠣᠭᠰᠠᠭᠠᠨ ᠤ ᠪᠠᠨ ᠥᠭ᠍ᠰᠦᠵᠤ ᠣᠷᠤᠭᠤᠳᠠᠭᠰᠠᠨ ᠥᠩᠭᠡᠷᠡᠯᠳᠡ ᠶᠢ ᠴᠠᠳᠢᠭᠯᠠᠵᠤ ᠳᠡᠦᠭᠡ ᠶᠢᠨ ᠣᠷᠤᠰᠬᠠᠯ ᠳᠤᠳᠤᠷ᠎ᠠ ᠨᠢᠭᠡᠨ ᠰᠢᠨ᠎ᠡ ᠬᠠᠭᠤᠳᠠᠰᠤ ᠨᠠᠮᠠᠷᠢᠯᠠᠪᠠᠯ ᠳᠠᠭᠠᠷᠠᠬᠤ ᠪᠢᠰᠢᠤ︖
ᠭᠢᠨᠠᠯᠳᠠ ᠪᠣᠯᠭᠠᠭᠰᠠᠨ ᠮᠠᠲ᠋ᠸᠷᠢᠶᠠᠯ:
1᠂ ᠨᠠᠮᠵᠤ᠄ 《ᠬᠤᠷᠴᠢᠨ ᠤ ᠬᠤᠷᠢᠶᠠᠩᠭ᠋ᠤᠢ ᠳᠡᠦᠭᠡ》
2᠂ ᠰᠤᠨᠤᠮ᠂ ᠦᠨᠡᠨ᠄ 《ᠮᠤᠩᠭ᠋ᠤᠯ ᠣᠪᠣᠭ ᠤᠨ ᠪᠦᠷᠢᠦᠡᠭᠡᠯ》
3᠂ ᠶᠦᠩᠴᠢᠶᠠᠠᠵᠠᠪ᠂ ᠭᠤᠷᠯᠤᠳ ᠬᠠᠰᠪᠠᠷᠰ᠂ ᠬᠠᠪᠣᠷᠰᠠᠢ᠌ᠬᠠᠨ᠄ 《ᠮᠠᠨᠢᠵᠠᠪ ᠤᠨ ᠵᠤᠬᠢᠶᠠᠯ ᠤᠨ ᠴᠢᠭᠤᠯᠭᠠᠨ》
4᠂ ᠠ᠊·ᠲᠦᠮᠡᠨ᠄ 《ᠮᠤᠩᠭ᠋ᠤᠯ ᠦᠨᠳᠦᠰᠦᠳᠠᠨ ᠤ ᠨᠡᠢ᠌ᠭᠡᠮ ᠤᠨ ᠪᠠᠢ᠌ᠭᠤᠯᠤᠯ ᠵᠢᠴᠢ ᠨᠠᠷᠠᠢ᠌ᠳᠤᠯ》
5᠂ ᠭᠦᠷᠡᠯᠱᠠᠭᠠ᠄ 《ᠰᠢᠷᠡᠭᠡᠳᠤ ᠭᠦᠷᠢᠶᠡᠨ ᠤ ᠵᠠᠰᠠᠭ ᠯᠠᠮᠠ ᠶᠢᠨ ᠬᠤᠰᠢᠭᠤ》᠃
2010 ᠣᠨ ᠤ 8 ᠰᠠᠷᠠᠢ᠌ᠨ ᠨᠢᠭᠡᠨ᠎ᠡ᠃
ᠵᠤᠬᠢᠶᠠᠭᠴᠢ ᠶᠢᠨ ᠬᠠᠶᠢᠭ ᠄ ᠣᠯᠠᠭᠠᠠᠬᠠᠳᠠ ᠬᠤᠳᠠ ᠶᠢᠨ ᠵᠡᠭᠦᠨ ᠪᠠᠭᠠᠷᠢᠨ ᠤ ᠪᠠᠶᠠᠠᠠᠭᠤᠯᠠ ᠰᠤᠮᠤ
ᠵᠤᠬᠢᠶᠠᠭᠴᠢ᠄ ᠨᠤ᠋·ᠪᠠᠭᠠᠲᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠮᠤᠩᠭᠤᠯ ᠲᠡᠦᠬᠡᠳᠠᠷᠤᠮ᠄ 20465
ᠴᠠᠭ᠄ 2010 ᠤᠨ ᠤ 08 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ