☆ ᠪᠠ᠊·ᠤᠳᠬᠤᠠᠪᠠᠭᠠᠳᠤᠷ
ᠦᠭᠡ ᠶᠠᠷᠢᠳᠠᠭ ᠨᠢᠳᠤ
ᠭᠡᠦᠭᠡᠨ ᠶᠠᠭᠠᠨ ᠴᠢᠷᠠᠢ᠌ᠯᠢᠭ ᠢ ᠴᠢᠨᠢ
ᠭᠦᠡᠳᠡᠭᠡᠪᠠᠯ ᠬᠠᠢ᠌ᠯᠴᠢᠬᠠᠮᠠᠷ ᠰᠠᠨᠠᠭᠳᠠᠬᠤ ᠶᠤᠮ
ᠭᠦᠮᠦᠰᠭᠡᠨ ᠬᠠᠷ᠎ᠠ ᠮᠠᠯᠮᠠᠢ ᠴᠢᠨᠢ
ᠴᠤᠴᠢᠷᠳᠤᠩᠬᠠᠨ ᠮᠠᠯᠮᠠᠯᠵᠠᠨ ᠶᠠᠷᠢᠬᠤ ᠴᠤ ᠶᠤᠮ
ᠭᠦᠮᠤᠨ ᠤ ᠨᠤᠳᠤᠭ ᠤᠨ ᠭᠠᠵᠠᠷ ᠣᠰᠤᠨ ᠭᠡᠵᠤ
ᠭᠦᠷᠦᠰᠤ ᠨᠢ ᠶᠠᠮᠠᠷᠬᠠᠨ ᠰᠢᠮᠡᠵᠢᠳᠡᠭ᠌ ᠢ
ᠮᠠᠩᠨᠠᠢ ᠳ᠋ᠤᠨᠢ ᠪᠠᠭᠤᠭᠰᠠᠨ ᠭᠡᠵᠢᠭᠡ ᠶᠢ ᠴᠢᠨᠢ
ᠰᠠᠠᠴᠢᠭ ᠲᠤ ᠨᠢ ᠢᠯᠪᠢᠨ ᠠᠰᠠᠭᠤᠮᠠᠷ ᠴᠤ ᠪᠠᠢ᠌ᠨ᠎ᠠ
ᠴᠡᠮᠴᠡᠭᠡᠷ ᠬᠤᠠᠳᠤᠨ ᠣᠷᠤᠭᠤᠯ ᠢ ᠴᠢᠨᠢ
ᠥᠭᠦᠭᠡᠷᠳᠡᠨ ᠪᠠᠢ᠌ᠵᠤ ᠶᠠᠷᠢᠭᠤᠯᠤᠮᠠᠷ ᠴᠤ ᠪᠠᠢ᠌ᠨ᠎ᠠ
ᠶᠠᠩᠵᠤᠳᠤ ᠰᠠᠢ᠌ᠬᠠᠨ ᠠᠮᠢᠳᠤᠷᠠᠯ
ᠶᠠᠭᠠᠭᠢᠯ᠎ᠠ ᠭᠡᠵᠤ ᠡᠭᠡᠰᠢᠭ᠌ ᠶᠢᠡᠷ ᠳᠤᠳᠠᠨ᠎ᠠ ᠪᠣᠢ
ᠶᠠᠪᠣᠭᠤᠳᠠᠯ ᠡᠨᠡ ᠣᠷᠴᠢᠯᠠᠩ
ᠳᠠᠭᠤᠤ ᠪᠠᠷ ᠶᠠᠭᠠᠭᠢᠨ ᠬᠤᠮᠰᠠᠳᠠᠬᠤ ᠪᠣᠢ
ᠠᠯᠢᠶ᠎ᠠ ᠪᠣᠯᠪᠠᠷᠠᠢ᠌ᠬᠠᠨ ᠳᠦᠷᠢ ᠶᠢ ᠴᠢᠨᠢ
ᠠᠯᠠᠭᠠᠨ ᠳᠤ ᠪᠠᠨ ᠳᠤᠰᠴᠤ ᠶᠠᠪᠣᠶ᠎ᠠ
ᠠᠭᠢᠵᠤ ᠳᠦᠭᠡᠯᠡᠭᠦ ᠨᠠᠰᠤ ᠶᠢ ᠴᠢᠨᠢ
ᠪᠠᠶ᠎ᠠ ᠳᠤ ᠪᠠᠨ ᠠᠪᠴᠤ ᠦᠳᠡᠯᠤᠶᠠ
ᠭᠡᠦᠭᠡᠨ ᠴᠠᠭᠠᠨ ᠮᠠᠩᠨᠠᠢ ᠳᠤ ᠴᠢᠨᠢ
ᠦᠷᠴᠢᠭᠡᠯᠡᠰᠤ ᠪᠣᠤ ᠨᠠᠮ᠎ᠠ ᠭᠡᠵᠤ
ᠭᠦᠮᠪᠦᠮ ᠭᠡᠢ᠌ᠤᠨ ᠤᠨ ᠭᠡᠭᠡᠨ ᠳ᠋ᠤ
ᠵᠤᠯᠠ ᠪᠠᠨ ᠡᠷᠭᠦᠵᠤ ᠵᠠᠯᠪᠢᠷᠠᠶ᠎ᠠ
ᠭᠦᠮᠤᠨ ᠤ ᠣᠷᠴᠢᠯᠠᠩ ᠤᠨ ᠨᠠᠷᠠᠨ ᠪᠠᠢ᠌ᠭᠠᠯᠢ ᠳ᠋ᠤ
ᠰᠤᠯᠤᠩᠭ᠋ᠠᠨ ᠥᠩᠭᠡ ᠪᠠᠷ ᠨᠢ ᠮᠥᠩᠭᠡᠷᠡᠭ᠌ ᠳᠡ︕
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠠᠵᠤ ᠣᠢ᠌ᠯᠠᠳᠪᠣᠷᠢ ᠬᠤᠳᠠᠯᠳᠤᠭᠠᠨ ᠤ ᠬᠤᠯᠪᠣᠭ᠎ᠠ
ᠵᠤᠬᠢᠶᠠᠭᠴᠢ᠄ ᠪᠠ᠊·ᠤᠳᠬᠤᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 12257
ᠴᠠᠭ᠄ 2011 ᠤᠨ ᠤ 10 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ