☆ ᠭᠦᠭᠡᠪᠢᠷ
ᠴᠢ ᠢᠩᠭᠢᠵᠤ ᠢᠷᠡᠳᠡᠭ᠌ ᠡ
ᠬᠠᠪᠣᠷ ᠤᠨ ᠠᠭᠢ ᠨᠢᠳᠦᠯᠡᠭᠦ ᠪᠠᠷ
ᠰᠦᠶ᠎ᠠ ᠪᠣᠯᠵᠤ ᠢᠷᠡᠳᠡᠭ᠌ ᠴᠢ
ᠬᠠᠯᠠᠭᠤᠨ ᠨᠠᠷᠠᠨ ᠡᠭᠡᠭᠡᠭᠦ ᠪᠠᠷ
ᠵᠡᠷᠭᠡᠯᠭᠡᠨ ᠪᠣᠯᠵᠤ ᠢᠷᠡᠳᠡᠭ᠌ ᠡ ᠴᠢ
ᠵᠤᠨ ᠤ ᠴᠡᠴᠡᠭ᠌ ᠳᠡᠯᠭᠡᠷᠡᠭᠦ ᠪᠠᠷ
ᠡᠷᠪᠠᠭᠡᠢ ᠪᠣᠯᠵᠤ ᠢᠷᠡᠳᠡᠭ᠌ ᠴᠢ
ᠵᠥᠭᠡᠯᠡᠨ ᠪᠣᠷᠤᠭᠠᠨ ᠰᠢᠪᠠᠷᠡᠭᠦ ᠪᠠᠷ
ᠨᠢᠯᠪᠣᠰᠤ ᠪᠣᠯᠵᠤ ᠢᠷᠡᠳᠡᠭ᠌ ᠡ ᠴᠢ
ᠨᠠᠮᠤᠷ ᠤᠨ ᠡᠭᠦᠯᠡ ᠨᠡᠭᠦᠭᠦ ᠪᠠᠷ
ᠰᠡᠭᠦᠳᠡᠷ ᠪᠣᠯᠵᠤ ᠢᠷᠡᠳᠡᠭ᠌ ᠴᠢ
ᠨᠠᠪᠴᠢᠨ ᠤ ᠥᠩᠭᠡ ᠰᠢᠷᠠᠯᠠᠬᠤ ᠪᠠᠷ
ᠰᠡᠭᠦᠷᠡᠰᠤ ᠪᠣᠯᠵᠤ ᠢᠷᠡᠳᠡᠭ᠌ ᠡ ᠴᠢ
ᠡᠪᠦᠯ ᠤᠨ ᠴᠠᠰᠤ ᠣᠨᠠᠬᠤ ᠪᠠᠷ
ᠰᠢᠯᠦᠭ᠌ ᠪᠣᠯᠵᠤ ᠢᠷᠡᠳᠡᠭ᠌ ᠴᠢ
ᠦᠣᠷ ᠤᠨ ᠣᠳᠤᠳ ᠰᠢᠭᠤᠭᠳᠠᠬᠤ ᠪᠠᠷ
ᠵᠡᠭᠦᠳᠤ ᠪᠣᠯᠵᠤ ᠢᠷᠡᠳᠡᠭ᠌ ᠡ ᠴᠢ
ᠰᠠᠷ᠎ᠠ ᠰᠠᠷ᠎ᠠ ᠶᠢ ᠥᠩᠭᠡᠷᠡᠭᠦ ᠪᠠᠷ
ᠰᠠᠷ᠎ᠠ ᠪᠣᠯᠵᠤ ᠢᠷᠡᠳᠡᠭ᠌ ᠴᠢ
ᠰᠠᠢ᠌ᠬᠠᠨ ᠬᠠᠯᠠᠭᠤᠨ ᠮᠥᠷᠦᠭᠡᠳᠦᠯ ᠵᠢᠠᠷ
ᠳᠦᠭᠦᠷᠴᠤ ᠳᠤᠠᠳᠠᠷᠠᠵᠤ ᠢᠷᠡᠳᠡᠭ᠌ ᠡ ᠴᠢ
ᠵᠢᠯ ᠵᠢᠯ ᠢ ᠥᠭ᠍ᠰᠦᠭᠦ ᠪᠠᠷ
ᠵᠦᠩ ᠪᠣᠯᠵᠤ ᠢᠷᠡᠳᠡᠭ᠌ ᠴᠢ
ᠵᠢᠷᠦᠭᠡ ᠰᠡᠳᠭᠢᠯ ᠤᠨ ᠴᠢᠰᠤ ᠪᠠᠷ
ᠵᠢᠪᠠᠷᠠᠵᠤ ᠴᠢᠯᠠᠭᠤᠵᠢᠵᠤ ᠢᠷᠡᠳᠡᠭ᠌ ᠡ ᠴᠢ
ᠨᠠᠰᠤ ᠪᠠᠷ ᠮᠥᠩᠭᠡᠷᠡᠳᠡᠭ᠌ ᠦᠭᠡᠶ ᠳᠠᠪᠢᠯᠠᠩ ᠳ᠋ᠤ
ᠬᠠᠢ᠌ᠷ᠎ᠠ ᠪᠠᠷ ᠮᠥᠩᠭᠡᠷᠡᠵᠤ ᠢᠷᠡᠳᠡᠭ᠌ ᠴᠢ
ᠨᠠᠮ᠎ᠠ ᠪᠠᠷ ᠢᠯᠡᠭᠦᠳᠡᠭ᠍ᠰᠡᠨ ᠭᠦᠮᠦᠰ ᠳᠤ
ᠴᠢᠮ᠎ᠠ ᠪᠠᠷ ᠳᠤᠳᠠᠭᠤᠯᠵᠤ ᠢᠷᠡᠳᠡᠭ᠌ ᠡ ᠴᠢ
ᠪᠣᠷᠬᠠᠨ ᠤ ᠨᠢᠯᠪᠣᠰᠤᠨ ᠳᠤ ᠳᠠᠪᠳᠤᠵᠤ
ᠪᠣᠭᠤᠷᠤᠯ ᠪᠣᠯᠵᠤ ᠢᠷᠡᠳᠡᠭ᠌ ᠴᠢ
ᠪᠣᠳᠠᠩᠳᠤ ᠬᠤᠷᠸ᠎ᠠ ᠳᠤ ᠳᠦᠭᠡᠷᠢᠵᠤ
ᠪᠣᠴᠠᠭᠠᠤᠨ ᠪᠣᠴᠠᠭᠠᠤᠨ ᠢᠷᠡᠳᠡᠭ᠌ ᠡ ᠴᠢ
ᠳᠠᠭᠢᠵᠤ ᠪᠣᠯᠬᠤ ᠦᠭᠡᠶ ᠽᠠᠮᠪᠣᠯᠢᠩ ᠢ
ᠵᠠᠨᠤᠵᠤ ᠳᠠᠭᠤᠰᠬᠤ ᠦᠭᠡᠶ ᠢᠷᠡᠳᠡᠭ᠌ ᠴᠢ
ᠰᠠᠯᠵᠤ ᠪᠣᠯᠬᠤ ᠦᠭᠡᠶ ᠵᠠᠶᠠᠭ᠎ᠠ ᠵᠢ
ᠰᠠᠨᠠᠵᠤ ᠳᠠᠭᠤᠰᠬᠤ ᠦᠭᠡᠶ ᠢᠷᠡᠳᠡᠭ᠌ ᠡ ᠴᠢ
ᠳᠠᠭᠢᠵᠤ ᠪᠣᠯᠬᠤ ᠦᠭᠡᠶ ᠽᠠᠮᠪᠣᠯᠢᠩ ᠢ
ᠵᠠᠨᠤᠵᠤ ᠳᠠᠭᠤᠰᠬᠤ ᠦᠭᠡᠶ ᠢᠷᠡᠳᠡᠭ᠌ ᠴᠢ
ᠰᠠᠯᠵᠤ ᠪᠣᠯᠬᠤ ᠦᠭᠡᠶ ᠵᠠᠶᠠᠭ᠎ᠠ ᠵᠢ
ᠰᠠᠨᠠᠵᠤ ᠳᠠᠭᠤᠰᠬᠤ ᠦᠭᠡᠶ ᠢᠷᠡᠳᠡᠭ᠌ ᠡ ᠴᠢ
ᠵᠤᠬᠢᠶᠠᠭᠴᠢ ᠶᠢᠨ ᠬᠠᠶᠢᠭ ᠄ ᠣᠯᠠᠭᠠᠠᠬᠠᠳᠠ᠂ ᠣᠩᠨᠢᠭᠤᠳ
ᠵᠤᠬᠢᠶᠠᠭᠴᠢ᠄ ᠭᠦᠭᠡᠪᠢᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2638
ᠴᠠᠭ᠄ 2010 ᠤᠨ ᠤ 01 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ