☆ ᠡᠰᠨᠢᠯ
ᠮᠤᠩᠭ᠋ᠤᠯ ᠭᠦᠨ ᠣᠬᠠᠭᠠᠨ
ᠪᠠᠶ᠎ᠠ ᠪᠠᠨ ᠮᠠᠳᠠᠪᠠᠯ ᠭᠦᠮᠤᠨ ᠭᠡᠳᠡᠭ᠌
ᠪᠠᠯᠴᠢᠭᠡᠷ ᠶᠢᠡᠨ ᠳᠠᠨᠢᠪᠠᠯ ᠮᠠᠯ ᠭᠡᠳᠡᠭ᠌
ᠪᠠᠯᠠᠨ ᠰᠠᠢ᠌ᠬᠠᠨ ᠮᠤᠩᠭ᠋ᠤᠯ ᠭᠡᠯᠡᠴᠡ ᠮᠢᠨᠢ
ᠪᠠᠷᠭᠡ ᠪᠣᠯᠪᠠᠰᠤᠨ ᠶᠢᠡᠷ ᠵᠢᠭᠠᠪᠣᠷᠢᠯᠠᠳᠠᠭ ᠶᠤᠮ
ᠠᠳᠤᠭᠤᠨ ᠤ ᠪᠠᠨ ᠭᠢᠷᠢ ᠪᠠᠷ ᠢᠰᠭᠡᠷᠦᠶᠡ
ᠠᠳᠬᠠᠭ ᠰᠡᠳᠭᠢᠯ ᠡᠭᠦᠰᠭᠦ ᠦᠭᠡᠶ ᠶᠤᠮ
ᠭᠦᠡᠵᠢᠯᠡ ᠶᠢᠨ ᠶᠢᠡᠨ ᠭᠢᠷᠢ ᠪᠠᠷ ᠵᠢᠭᠢᠶᠠ
ᠭᠦᠯ ᠨᠢᠷᠤᠭᠤ ᠳᠠᠭᠠᠷᠠᠬᠤ ᠦᠭᠡᠶ ᠶᠤᠮ
ᠡᠷ᠎ᠡ ᠭᠡᠪᠠᠯ ᠣᠷᠭᠢᠭ᠎ᠠ ᠶᠤᠮ
ᠡᠯᠵᠢᠭᠡ ᠭᠡᠪᠠᠯ ᠡᠭᠡᠭᠯᠡᠭᠡ ᠶᠤᠮ
ᠦᠨᠡᠨ ᠭᠡᠵᠤ ᠶᠠᠪᠣᠭᠰᠠᠭᠠᠷ ᠪᠠᠢ᠌ᠪᠠᠯ
ᠥᠭᠡᠷ ᠳᠡᠷᠭᠡ ᠳᠠᠤᠯᠠᠢ ᠡᠴᠠ ᠬᠤᠯᠠᠳᠠᠨ᠎ᠠ
ᠠᠪᠣ ᠶᠢᠨ ᠪᠣᠢ ᠳᠤ ᠭᠦᠮᠤᠨ ᠳᠠᠨᠢᠶ᠎ᠠ
ᠠᠠᠳᠠ ᠨᠥᠭᠦᠤᠨ ᠲᠡᠶ ᠪᠠᠨ ᠪᠦᠯᠭᠦᠮᠳᠡᠶᠡ
ᠠᠭᠳᠠ ᠶᠢᠨ ᠪᠣᠢ ᠳᠤ ᠭᠠᠵᠠᠷ ᠦᠵᠠᠶ᠎ᠠ
ᠠᠭᠤᠳᠠᠮ ᠪᠠᠢ᠌ᠭᠠᠯᠢ ᠪᠠᠨ ᠰᠤᠨᠢᠷᠬᠠᠶ᠎ᠠ
ᠬᠤᠳᠳᠤᠭ ᠳᠤᠳᠤᠷᠠᠭᠢ ᠮᠡᠯᠡᠭᠡᠢ ᠰᠢᠭ᠌
ᠬᠤᠤᠳᠤᠤ ᠪᠣᠳᠤᠯ ᠪᠣᠤ ᠣᠷᠤᠶ᠎ᠠ
ᠬᠤᠨ ᠭᠠᠯᠠᠭᠤᠨ ᠤ ᠮᠢᠬᠠᠨ ᠳᠤ ᠳᠤᠷᠠᠯᠠᠬᠤ
ᠬᠤᠪᠳᠤᠭ ᠰᠡᠳᠭᠢᠯ ᠪᠣᠤ ᠡᠭᠦᠰᠭᠡᠶ᠎ᠡ
ᠪᠠᠭᠠᠳᠠᠭ ᠨᠤᠬᠠᠢ ᠨᠢ ᠭᠦᠶᠦᠳᠡᠭ᠌ ᠨᠤᠬᠠᠢ ᠪᠠᠨ ᠬᠠᠰᠢᠪᠠᠯ
ᠪᠠᠷᠠᠭᠤᠨ ᠭᠡᠷ ᠤᠨ ᠪᠠᠭᠠᠯ ᠳᠤ ᠮᠠᠭᠤᠯᠠᠭᠳᠠᠨᠠ
ᠡᠪ ᠵᠦᠢ ᠪᠠᠷ ᠶᠠᠪᠣᠭᠰᠠᠨ ᠦᠴᠦᠭᠡᠨ ᠰᠢᠷᠭᠤᠯᠵᠢ
ᠡᠪᠠᠷᠳᠤ ᠪᠣᠭᠤ ᠭᠡᠵᠤ ᠪᠠᠷᠢᠴᠢᠬᠠᠳᠠᠭ ᠪᠠᠢ᠌ᠬᠤ
ᠮᠤᠩᠭ᠋ᠤᠯ ᠮᠤᠩᠭ᠋ᠤᠯ ᠳᠤ ᠪᠠᠨ ᠮᠠᠭᠤ ᠪᠣᠯᠪᠠᠴᠤ
ᠮᠤᠬᠤᠰᠢ ᠦᠭᠡᠶ ᠰᠡᠳᠭᠢᠯ ᠶᠢᠡᠷ ᠵᠢᠳᠭᠦᠶᠡ
ᠮᠤᠳᠤᠨ ᠭᠦᠷᠵᠡ ᠰᠢᠪᠠᠷ ᠲᠤ ᠪᠠᠨ ᠮᠠᠭᠤ ᠪᠣᠯᠪᠠᠴᠤ
ᠮᠤᠬᠤᠷ ᠭᠠᠷ ᠡᠴᠠ ᠳᠡᠭᠡᠷ᠎ᠡ ᠯᠠ ᠶᠤᠮ
ᠦᠰᠭᠦ ᠡᠴᠠ ᠰᠤᠷᠤᠭᠰᠠᠨ ᠮᠤᠩᠭ᠋ᠤᠯ ᠭᠡᠯᠡ ᠪᠠᠨ
ᠦᠨᠳᠦᠰᠦ ᠣᠭᠰᠠᠭ᠎ᠠ ᠳᠤ ᠪᠠᠨ ᠵᠠᠯᠭᠠᠮᠵᠢᠯᠠᠶ᠎ᠠ
ᠥᠭᠦᠳᠡᠯ᠎ᠡ ᠣᠷᠤᠰᠢᠬᠤ ᠳᠦᠷᠤᠯᠭᠢ ᠨᠤᠳᠤᠭ ᠵᠢᠠᠨ
ᠦᠷ᠎ᠡ ᠬᠣᠢ᠌ᠴᠢᠰ ᠲᠤ ᠪᠠᠨ ᠦᠯᠡᠳᠡᠭᠡᠶ᠎ᠡ ︕
ᠵᠤᠬᠢᠶᠠᠭᠴᠢ ᠶᠢᠨ ᠬᠠᠶᠢᠭ ᠄ ᠭᠢᠩᠭ᠋ᠠᠨ ᠤ ᠲᠦᠰᠢᠶᠠᠳᠤ
ᠵᠤᠬᠢᠶᠠᠭᠴᠢ᠄ ᠡᠰᠨᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2868
ᠴᠠᠭ᠄ 2013 ᠤᠨ ᠤ 03 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ