ᠨᠡᠪᠲᠡᠷᠡᠨ ᠤᠷᠤᠬᠤ
ᠬᠠᠪᠣᠷ ᠤᠨ ᠰᠠᠯᠭᠢ ᠬᠠᠪᠢᠷᠭ᠎ᠠ ᠨᠠᠪᠳᠠ

ᠬᠤᠯᠠ ᠶᠢᠨ ᠴᠡᠩᠭᠡᠷ ᠵᠡᠷᠭᠡᠯᠭᠡᠨ ᠮᠢᠷᠠᠯᠵᠠᠭᠰᠠᠭᠠᠷ

ᠬᠤᠨᠤᠭ ᠤᠨ ᠣᠯᠠᠨ ᠵᠡᠭᠦᠳᠤᠨ ᠳᠤ ᠰᠢᠩᠭᠡᠨ᠎ᠡ

ᠬᠤᠴᠤᠷᠤᠯ ᠤᠨ ᠣᠯᠠᠨ ᠭᠤᠨᠢᠶᠠᠯ ᠵᠠᠩᠭᠢᠳᠤᠭᠰᠠᠭᠠᠷ

ᠬᠤᠠᠳᠠᠭᠠᠨ ᠳᠤ ᠤᠢ᠌ᠴᠢᠵᠤ ᠰᠤᠭᠳᠤᠭᠤ ᠵᠠᠢ᠌ᠷᠳᠤᠨ᠎ᠠ


ᠲ᠋ᠡᠭᠡᠳᠦᠰ ᠤᠨ ᠣᠯᠠᠨ ᠳᠡᠦᠭᠡ ᠰᠡᠮᠡᠷᠡᠭ᠍ᠰᠡᠭᠡᠷ

ᠭᠠᠷᠴᠠᠭ ᠦᠭᠡᠶ ᠳᠤᠮᠤᠭ ᠪᠣᠯᠵᠤ ᠣᠩᠰᠢᠭᠳᠠᠨ᠎ᠠ

ᠳᠡᠨᠡᠭ᠌ ᠮᠤᠨᠤᠭ ᠪᠣᠳᠤᠯ ᠤᠨ ᠥᠵᠦᠭᠦᠷ ᠡᠴᠡ

ᠳᠤᠭᠠᠨ ᠤ ᠣᠯᠠᠨ ᠳᠤᠮᠢᠶ᠎ᠠ ᠰᠢᠭ ᠮᠠᠷᠳᠠᠭᠳᠠᠨ᠎ᠠ


ᠣᠴᠢᠯᠠᠨ ᠬᠠᠷᠪᠣᠭᠰᠠᠨ ᠰᠤᠯᠢᠷ ᠤᠨ ᠬᠣᠢ᠌ᠨ᠎ᠠ ᠡᠴᠡ

ᠪᠢᠳᠠ᠂ ᠳᠠᠭᠠᠳᠬᠠᠬᠤ ᠵᠤᠷᠰᠢᠯ ᠦᠭᠡᠶ

ᠥᠩᠭᠡᠷᠡᠭ᠍ᠰᠡᠨ ᠣᠯᠠᠨ ᠡ᠊ᠨᠳᠡᠭᠦᠷᠡᠯ ᠤᠨ ᠴᠤᠩᠬᠤ ᠶᠢ

ᠪᠢᠳᠠ᠂ ᠰᠡᠭᠦᠭᠦ ᠦᠭᠡᠶ ᠪᠠᠢ᠌ᠵᠤ ᠴᠢᠳᠠᠬᠤ ᠦᠭᠡᠶ


ᠬᠠᠤᠯᠢ ᠵᠢᠮ᠎ᠠ ᠪᠠᠨ ᠠᠯᠳᠠᠯ᠎ᠠ ᠭᠡᠵᠤ ᠪᠠᠢ᠌ᠭᠠᠯᠢ ᠪᠠᠨ ᠪᠢᠳᠡᠭᠡᠢ ᠵᠢᠮᠠᠯᠠ

ᠬᠤᠪᠢᠠᠴᠢᠷ ᠪᠣᠳᠤᠯ ᠡᠴᠡ ᠴᠢᠨᠢ ᠪᠣᠯᠪᠠᠰᠤᠷᠠᠭᠰᠠᠨ ᠵᠢᠮᠢᠰ ᠪᠠᠢ᠌ᠭ᠎ᠠ ᠶᠤᠮ

ᠡᠵᠡᠨ ᠮᠦᠰᠤ ᠲᠡᠶ ᠪᠠᠶ᠎ᠠ ᠳᠤ ᠪᠠᠨ ᠪᠣᠭᠤᠯ ᠰᠦᠰᠦ ᠲᠡᠶ ᠶᠠᠪᠣ ᠭᠡᠭᠦ

ᠬᠠᠳᠠᠭᠤᠬᠠᠨ ᠠᠮᠢᠳᠤᠷᠠᠯ ᠤᠨ ᠵᠠᠭᠢᠶ᠎ᠠ ᠪᠠᠢ᠌ᠭ᠎ᠠ ᠶᠤᠮ


ᠡᠯᠡᠰᠦᠷᠭᠡᠵᠤ ᠳᠠᠴᠢᠷᠳᠠᠯ᠎ᠠ ᠭᠡᠵᠤ ᠨᠤᠳᠤᠭ ᠶᠢᠡᠨ ᠪᠢᠳᠡᠭᠡᠢ ᠭᠤᠯᠤ

ᠡᠯᠡᠰᠤ ᠪᠠᠷ ᠶᠢᠡᠨ ᠪᠢᠳᠠᠨ ᠢ ᠬᠠᠭᠤᠷᠠᠢ᠌ᠯᠠᠵᠤ ᠥᠰᠭᠡᠭ᠍ᠰᠡᠨ ᠶᠤᠮ

ᠡᠪᠦᠭᠡᠷᠡᠵᠤ ᠵᠥᠨᠦᠴᠢᠭᠡᠯ᠎ᠡ ᠭᠡᠵᠤ ᠨᠠᠰᠤᠳᠠᠤᠨ ᠶᠢᠡᠨ ᠪᠢᠳᠡᠭᠡᠢ ᠴᠦᠯᠠ

ᠡᠯᠢᠭᠡᠨ ᠳᠤ ᠪᠠᠨ ᠳᠠᠪᠠᠷᠢᠵᠤ ᠭᠦᠮᠤᠨ ᠪᠣᠯᠬᠤ ᠳᠤ ᠭᠦᠳᠦᠯᠦᠭ᠍ᠰᠡᠨ ᠶᠤᠮ


ᠴᠡᠭᠡᠯ ᠨᠢ ᠬᠠᠳᠠᠭᠰᠠᠨ ᠴᠤ ᠴᠡᠭᠡᠵᠢᠨ ᠳᠤ ᠪᠠᠨ ᠰᠢᠳᠤᠵᠤ ᠪᠠᠢ᠌ᠶ᠎ᠠ

ᠷᠠᠰᠢᠶᠠᠨ ᠪᠣᠯᠵᠤ ᠮᠠᠨᠤᠰ ᠢ ᠳᠤᠷᠨᠢᠭᠤᠯᠤᠭᠰᠠᠨ ᠶᠤᠮ

ᠴᠡᠩᠭᠡᠯ ᠭᠦᠰᠡᠭᠡᠳ ᠭᠠᠳᠠᠭᠰᠢ ᠪᠠᠨ ᠳᠤᠳᠠᠭᠤ ᠭᠦᠶ‍ᠦᠯᠳᠦᠶ᠎ᠡ

ᠨᠡᠭᠦᠳᠡᠯ ᠤᠨ ᠵᠢᠮ᠎ᠠ ᠡᠢ᠌ᠮᠤ ᠪᠢᠰᠢ ᠪᠠᠢ᠌ᠳᠠᠭ ᠶᠤᠮ


ᠰᠤᠬᠤᠷ ᠨᠤᠮᠤᠨ ᠰᠢᠭ ᠭᠦᠷᠦᠰᠤ ᠪᠠᠨ ᠪᠢᠳᠡᠭᠡᠢ ᠭᠦᠡᠳᠡᠢ᠌ᠯᠡᠶ᠎ᠡ

ᠨᠤᠳᠤᠭ ᠣᠰᠤᠨ ᠤ ᠮᠢᠨᠢ ᠰᠠᠭᠢᠭᠤᠰᠤ ᠨᠢᠯᠪᠣᠰᠤᠷᠠᠬᠤ ᠶᠤᠮ

ᠰᠠᠯᠭᠢ ᠰᠢᠭᠤᠷᠭ᠎ᠠ ᠶᠢ ᠦᠯᠳᠠᠵᠤ ᠬᠠᠯᠬᠠᠪᠴᠢ ᠣᠷᠭᠤᠭᠤᠯᠤᠶ᠎ᠠ

ᠠᠭᠤᠯᠠ ᠳᠠᠯ᠎ᠠ ᠶᠢᠨ ᠮᠢᠨᠢ ᠭᠡᠢ᠌ᠮᠦᠷᠢ ᠰᠡᠷᠭᠦᠭᠦ ᠶᠤᠮ


ᠠᠯᠬᠤᠮ ᠪᠦᠷᠢ ᠪᠠᠨ ᠯᠠᠪᠳᠠᠭᠤᠨ ᠰᠢᠭ ᠭᠢᠰᠭᠢᠪᠠᠯ

ᠵᠠᠮ ᠶᠠᠷᠤᠨᠢ ᠰᠢᠯᠤᠭᠤᠨ ᠪᠠᠢ᠌ᠳᠠᠭ ᠶᠤᠮ

ᠠᠶᠠᠨ ᠶᠢᠡᠨ ᠬᠠᠷᠢᠨ ᠪᠣᠷᠤᠭᠤ ᠡᠭᠢᠯᠡᠭᠦᠯᠴᠢᠭᠡᠪᠠᠯ

ᠠᠮᠢᠳᠤᠷᠠᠯ ᠶᠠᠷᠤᠨᠢ ᠬᠠᠳᠠᠭᠤᠬᠠᠨ ᠪᠠᠢ᠌ᠳᠠᠭ ᠶᠤᠮ


ᠡᠩᠭᠡᠷ ᠭᠠᠵᠠᠷ ᠤᠨ ᠨᠤᠭᠤᠭ᠎ᠠ ᠡᠷᠳᠡ ᠣᠷᠭᠤᠳᠠᠭ ᠪᠣᠯᠪᠠᠴᠤ

ᠡᠭᠡᠯᠵᠢᠯᠡᠭᠦ ᠨᠠᠮᠤᠷ ᠤᠨ ᠭᠢᠷᠠᠭᠤ ᠴᠤ ᠡᠷᠳᠡ ᠣᠨᠠᠳᠠᠭ ᠵᠢᠮ᠎ᠠ ᠲᠡᠶ ᠶᠤᠮ

ᠦᠷᠦᠭᠡᠯ ᠢ ᠳᠠᠭᠠᠵᠤ ᠳᠡᠷᠪᠠᠭᠡᠳ ᠡ᠊ᠨᠳᠡᠭᠦᠷᠡᠭ᠍ᠰᠡᠨ ᠶᠢᠡᠨ ᠳᠠᠨᠢᠵᠤ ᠮᠡᠳᠡᠭ᠍ᠰᠡᠨ ᠴᠤ

ᠦᠪᠡᠷ ᠶᠢᠡᠨ ᠣᠨᠠᠭᠰᠠᠨ ᠬᠡᠦᠬᠡᠳ ᠣᠭᠢᠯᠠᠳᠠᠭ ᠦᠭᠡᠶ ᠶᠤᠰᠤᠳᠠᠢ ᠶᠤᠮ ᠡ︕


ᠵᠤᠬᠢᠶᠠᠭᠴᠢ ᠶᠢᠨ ᠬᠠ‍‌ᠶᠢᠭ ᠄ ᠲᠦᠰᠢᠶᠠᠳᠤ ᠬᠤᠰᠢᠭᠤᠨ ᠤ ᠭᠦᠡᠳᠡᠯᠡᠨ ᠰᠤᠷᠭᠠᠭᠤᠯᠢ

ᠵᠤᠬᠢᠶᠠᠭᠴᠢ᠄ ᠡ᠊·ᠳᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2642
ᠴᠠᠭ᠄ 2011 ᠤᠨ ᠤ 05 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ