ᠨᠡᠪᠲᠡᠷᠡᠨ ᠤᠷᠤᠬᠤ
ᠮᠢᠨᠤ ᠪᠠᠶᠠᠠᠪᠣᠯᠠᠭ

ᠠᠷᠠᠠᠵᠠᠯ ᠬᠤᠷᠳᠤᠨ ᠭᠦᠯᠦᠭ᠌ ᠤᠳ ᠠᠳᠠᠷ ᠳᠦᠭᠦᠷᠡᠩ ᠪᠠᠯᠴᠢᠭ᠍ᠰᠡᠨ

ᠠᠪᠣ ᠡᠵᠢ ᠶᠢᠨ ᠢᠷᠦᠭᠡᠯ ᠠᠰᠢᠳᠠ ᠶᠢᠨ ᠪᠣᠶᠠᠨ ᠢ ᠳᠡᠯᠭᠡᠷᠡᠭᠦᠯᠦᠭ᠍ᠰᠡᠨ

ᠨᠠᠷᠠ ᠳᠡᠷᠯᠡᠭᠡᠳ ᠰᠠᠷᠠ ᠡᠪᠦᠷᠯᠡᠭ᠍ᠰᠡᠨ ᠨᠠᠷᠠᠯᠠᠭ ᠰᠠᠢ᠌ᠬᠠᠨ ᠬᠤᠷᠸ᠎ᠠ

ᠨᠠᠰᠤᠨ ᠳᠤᠷᠰᠢᠳᠠ ᠮᠥᠩᠭᠡ ᠣᠷᠤᠰᠢᠬᠤ ᠨᠠᠠᠳᠢᠨ ᠰᠠᠢ᠌ᠬᠠᠨ ᠦᠯᠦᠭᠡᠢ

ᠡᠨ ᠬᠨ ᠭᠦ ᠮᠢᠨᠤ ᠪᠠᠶᠠᠠᠪᠣᠯᠠᠭ

ᠨᠠᠷᠠᠳᠤ ᠳᠤ ᠬᠤᠤᠰ ᠦᠭᠡᠶ᠂ ᠨᠠᠷᠠᠯᠠᠭ ᠰᠠᠢ᠌ᠬᠠᠨ ᠬᠤᠷᠸ᠎ᠠ

ᠰᠠᠨᠠᠭᠠᠨ ᠡᠴᠡ ᠭᠠᠷᠳᠠᠭ ᠦᠭᠡᠶ᠂ ᠰᠠᠷᠠᠨ ᠳᠡᠷᠭᠡᠯ ᠬᠠᠩᠭ᠋ᠠᠢ


ᠭᠠᠷ ᠶᠢᠡᠨ ᠰᠤᠩᠭ᠋ᠠᠪᠠᠯ ᠣᠳᠤᠳ ᠮᠠᠴᠢᠳ ᠢ ᠰᠢᠭᠦᠷᠮᠡᠷ

ᠭᠠᠷᠤᠭᠠᠤᠨ ᠰᠡᠯᠡᠭᠦᠴᠡᠪᠠᠯ ᠣᠢ᠌ᠤᠠᠬᠠᠷ ᠭᠤᠨᠢᠭ ᠰᠡᠷᠭᠦᠭᠡᠳᠡᠭ᠌

ᠭᠠᠯᠪᠠ ᠶᠢᠨ ᠮᠢᠩᠭ᠋ᠠᠨ ᠠᠭᠤᠯᠠ ᠤᠳ ᠤᠨ ᠣᠷᠤᠢ ᠳᠡᠭᠡᠷ᠎ᠡ

ᠭᠠᠩᠭ᠋ᠠᠩ ᠬᠤᠨ ᠲᠡᠶ ᠥᠵᠡᠰᠭᠦᠯᠡᠩ ᠵᠢᠷᠤᠭ ᠤᠨ ᠪᠠᠢ᠌ᠭᠠᠯᠢ

ᠡᠨ ᠬᠨ ᠭᠦ ᠮᠢᠨᠤ ᠪᠠᠶᠠᠠᠪᠣᠯᠠᠭ

ᠳᠡᠯᠡᠭᠡᠢ ᠳᠤ ᠬᠤᠤᠰ ᠦᠭᠡᠶ᠂ ᠳ᠋ᠸᠪᠠᠵᠠᠨ ᠤ ᠣᠷᠤᠨ

ᠳᠡᠭᠡᠳᠦᠯᠡᠨ ᠰᠢᠳᠦᠭᠦ᠂ ᠮᠥᠩᠭᠡ ᠶᠢᠨ ᠳᠠᠯ᠎ᠠ ᠮᠢᠨᠢ


ᠴᠠᠭ ᠡᠷᠡᠨ ᠤ ᠭᠦᠭ᠍ᠵᠢᠯ ᠪᠠᠳᠠᠷᠠᠯ ᠲᠡᠶ

ᠴᠠᠪᠳᠢᠷ ᠤᠨ ᠶᠢᠡᠨ ᠢᠰᠭᠡᠳᠡᠯ ᠶᠢᠡᠷ ᠵᠡᠷᠭᠡᠴᠡᠭ᠍ᠰᠡᠨ

ᠴᠠᠯ ᠪᠣᠭᠤᠷᠠᠯ ᠡᠪᠦᠭᠡᠳ ᠡᠴᠡ ᠥᠮᠴᠢᠯᠡᠭ᠍ᠳᠡᠭ᠍ᠰᠡᠨ

ᠴᠠᠭᠯᠠᠰᠢ ᠦᠭᠡᠶ ᠰᠠᠢ᠌ᠬᠠᠨ ᠮᠤᠩᠭ᠋ᠤᠯ ᠨᠤᠳᠤᠭ

ᠡᠨ ᠬᠨ ᠭᠦ ᠮᠢᠨᠤ ᠪᠠᠶᠠᠠᠪᠣᠯᠠᠭ

ᠦᠷᠤ ᠵᠢᠷᠦᠭᠡᠨ ᠳᠤ ᠮᠢᠨᠢ ᠣᠶᠠᠭᠠᠳᠠᠢ ᠨᠤᠳᠤᠭ

ᠦᠨᠢᠳᠠ ᠣᠷᠤᠰᠢᠬᠤ ᠳᠦᠷᠤᠯᠭᠢ ᠨᠤᠳᠤᠭ ᠮᠢᠨᠢ


ᠵᠤᠬᠢᠶᠠᠭᠴᠢ ᠶᠢᠨ ᠬᠠᠶ‍ᠢᠭ᠄ ᠰᠢᠠᠵᠶᠠᠩ ᠤᠨ ᠪᠠᠶᠠᠠᠭᠤᠤᠯ ᠵᠸᠤ ᠶᠢᠨ ᠪᠠᠶᠠᠠᠪᠣᠯᠠᠭ ᠪᠠᠯᠭᠠᠰᠤᠨ

ᠵᠤᠬᠢᠶᠠᠭᠴᠢ᠄ ᠫᠣᠠᠴᠤᠭ ᠤᠨ ᠮᠥᠩᠭᠡᠪᠠᠶᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2647
ᠴᠠᠭ᠄ 2010 ᠤᠨ ᠤ 05 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ