☆ ᠥᠭᠡᠯᠡᠳ ᠭᠠᠯᠳᠠᠨ
ᠦᠭᠡᠷ ᠤᠨ ᠮᠥᠭᠡᠷᠡᠯᠳᠦᠭᠡᠨ
᠊᠊᠊᠊᠊᠊᠊᠊᠊᠊᠊᠊᠊᠊᠊ ᠨᠤᠳᠤᠭ ᠤᠨ ᠨᠢᠭᠡᠨ ᠮᠠᠯᠴᠢᠨ ᠠᠪᠣ ᠶᠢᠨ ᠭᠡᠭᠡᠨ ᠳᠤᠷᠠᠤᠠᠬᠠᠯ ᠳᠤ
ᠳᠠᠪᠤᠨ ᠬᠤᠰᠢᠭᠤ ᠮᠠᠯ ᠤᠨ ᠨᠢᠭᠡ ᠪᠣᠯᠬᠤ ᠥᠭᠡᠷ ᠪᠣᠯ ᠮᠠᠰᠢ ᠣᠯᠠᠨ ᠠᠰᠢᠭ ᠰᠢᠮ᠎ᠠ ᠲᠡᠶ ᠠᠮᠢᠳᠠᠨ ᠶᠤᠮ᠃ ᠮᠠᠨ ᠤ ᠮᠤᠩᠭ᠋ᠤᠯᠴᠤᠳ ᠡᠷᠳᠡ ᠳᠡᠭᠡᠳᠤ ᠥᠶ᠎ᠡ ᠡᠴᠡ ᠥᠭᠡᠷ ᠢ ᠳᠠᠰᠬᠠᠵᠤ ᠠᠰᠢᠭᠯᠠᠨ ᠳᠠᠪᠤᠨ ᠬᠤᠰᠢᠭᠤ ᠮᠠᠯ ᠤᠨ ᠶᠢᠡᠨ ᠨᠢᠭᠡ ᠶᠢ ᠨᠢ ᠪᠣᠯᠭᠠᠭᠰᠠᠨ ᠪᠠᠢ᠌ᠨ᠎ᠠ᠃ ᠪᠢᠳᠠ ᠪᠠᠭ᠎ᠠ ᠳᠠᠭᠠᠨ ᠳᠤᠭᠤᠯ ᠶᠢᠠᠨ ᠪᠠᠯᠴᠢᠭᠡᠷᠯᠡᠭᠦᠯᠵᠤ᠂ ᠪᠢᠷᠡᠭᠤ ᠵᠠᠢ᠌ᠳᠠᠯᠠᠨ ᠠᠯᠢᠶᠠᠷᠬᠠᠵᠤ ᠶᠠᠪᠣᠭᠰᠠᠨ᠂ ᠱᠠᠷ ᠳᠡᠷᠭᠡ ᠭᠦᠳᠦᠯᠤᠨ ᠠᠶᠠᠨ ᠵᠢᠩ᠂ ᠣᠳᠤᠷ ᠨᠡᠭᠦᠳᠡᠯ ᠶᠢᠡᠷ ᠶᠠᠪᠣᠳᠠᠭ ᠪᠠᠢ᠌ᠭᠰᠠᠨ᠁ ᠰᠡᠭᠦᠯᠡᠷ ᠨᠢ ᠨᠤᠳᠤᠭ᠂ ᠲ᠋ᠠᠪᠤᠨ ᠬᠤᠰᠢᠭᠤ ᠮᠠᠯ ᠡᠴᠡ ᠪᠠᠨ ᠰᠠᠯᠵᠤ ᠬᠤᠳᠠ ᠳ᠋ᠤ ᠠᠵᠢᠯᠯᠠᠵᠤ ᠠᠮᠢᠳᠤᠷᠠᠬᠤ ᠪᠣᠯᠤᠯ᠎ᠠ᠃ ᠪᠠᠯᠴᠢᠷ ᠨᠠᠰᠤᠨ ᠳᠠᠭᠠᠨ ᠥᠷᠭᠦᠯᠵᠢ ᠰᠤᠨᠤᠰᠴᠤ ᠪᠠᠢ᠌ᠳᠠᠭ ᠲ᠋ᠤᠭᠤᠯ ᠦᠨᠢᠶᠠᠤᠨ ᠤᠨ ᠮᠥᠭᠡᠷᠡᠯᠳᠦᠭᠦ ᠳᠠᠭᠤᠨ᠂ ᠠᠳᠤᠭᠤ ᠣᠨᠠᠭ᠎ᠠ ᠵᠢᠨ ᠢᠠᠴᠠᠭᠠᠬᠤ ᠳᠠᠭᠤᠨ᠂ ᠬᠤᠷᠠᠭ᠎ᠠ ᠢᠰᠢᠭᠡ ᠶᠢᠨ ᠮᠠᠢ᠌ᠯᠠᠯᠳᠤᠬᠤ ᠳᠠᠭᠤᠨ᠂ ᠪᠣᠳᠤᠭᠤᠳ ᠤᠨ ᠪᠣᠢ᠌ᠯᠠᠬᠤ ᠳᠠᠭᠤᠨ ᠪᠣᠯᠤᠨ ᠬᠤᠳᠠᠴᠢ ᠨᠤᠬᠠᠤᠨ ᠤᠨ ᠬᠤᠴᠠᠯᠳᠠ᠂ ᠣᠷᠠᠨ ᠭᠦᠭᠦᠭᠡ ᠶᠢᠨ ᠳᠤᠩᠭ᠋ᠤᠳᠤᠯ᠂ ᠣᠰᠤᠨ ᠤ ᠰᠢᠪᠠᠭᠤᠳ ᠤᠨ ᠭᠠᠩᠭ᠋ᠠᠨᠠᠯᠳᠠ ᠣᠨᠤᠭᠰᠠᠨ ᠨᠤᠳᠤᠭ ᠣᠤᠭᠤᠭᠰᠠᠨ ᠣᠰᠤᠨ ᠤ ᠮᠢᠨᠢ ᠰᠢᠮᠫᠣᠨᠢ ᠨᠠᠢ᠌ᠷᠠᠯ ᠪᠣᠯᠵᠤ ᠰᠠᠤᠠᠭᠢᠯ ᠵᠢᠷᠦᠭᠡᠨ ᠳ᠋ᠤ ᠵᠢᠷᠤᠭ ᠲᠡᠶ ᠪᠠᠨ ᠪᠢᠴᠢᠭ᠍ᠳᠡᠭᠡᠤᠨ ᠥᠷᠭᠦᠯᠵᠢ ᠬᠠᠷᠠᠭᠳᠠᠨ ᠰᠤᠨᠤᠰᠳᠠᠵᠤ ᠪᠠᠢ᠌ᠳᠠᠭ ᠰᠠᠨ᠃
ᠡᠨᠡ ᠵᠤᠨ᠂ ᠨᠤᠳᠤᠭ ᠲ᠋ᠠᠭᠠᠨ ᠭᠦᠷᠴᠤ ᠡᠡᠢ᠌ᠯᠴᠢᠯᠡᠨ ᠶᠠᠪᠣᠵᠤ ᠪᠠᠢ᠌ᠭᠠᠤᠨ ᠲᠤᠬᠢᠶᠠᠯᠳᠤᠭᠰᠠᠨ ᠨᠢᠭᠡᠨ ᠣᠴᠢᠷ ᠰᠠᠤᠠᠭᠢᠯ ᠵᠢᠷᠦᠭᠡ ᠶᠢ ᠮᠢᠨᠢ ᠡᠪᠭᠡᠷᠡᠭᠦᠯᠵᠤ᠂ ᠣᠳᠠᠰᠤᠨ ᠭᠦᠭ᠍ᠵᠢᠮ ᠊᠊᠊᠊᠊᠊᠊᠊᠊᠊᠊᠊᠊᠊ ᠪᠠᠰᠰ ᠤᠨ ᠣᠢ᠌ᠤᠠᠬᠠᠷᠳᠤ ᠠᠶᠠᠯᠭᠤ ᠪᠣᠯᠵᠤ ᠰᠠᠤᠠᠭᠢᠯ ᠤᠨ ᠭᠦᠨ᠎ᠡ ᠬᠠᠳᠠᠩᠰᠢᠭᠰᠠᠨ ᠪᠢᠯᠠ᠁
ᠵᠤᠨ ᠤ ᠰᠠᠢ᠌ᠬᠠᠨ ᠡᠷᠡᠨ ᠳᠤ᠂ ᠢᠮᠢᠨ ᠭᠤᠤᠯ ᠤᠨ ᠭᠦᠪᠠᠭᠡ ᠪᠠᠷ ᠵᠣᠢ᠌ᠯ ᠤᠨ ᠴᠡᠴᠡᠭ᠌ ᠠᠯᠠᠭᠯᠠᠨ᠂ ᠲ᠋ᠠᠪᠤᠨ ᠬᠤᠰᠢᠭᠤ ᠮᠠᠯ ᠳᠠᠭᠠᠳᠠᠢ ᠪᠠᠯᠴᠢᠭᠡᠷᠯᠡᠨ ᠢᠳᠠᠰᠢᠯᠠᠵᠤ᠂ ᠳᠠᠯ᠎ᠠ ᠶᠢᠨ ᠰᠢᠪᠠᠭᠤᠳ ᠵᠢᠷᠭᠢᠨ ᠨᠢᠰᠴᠤ᠂ ᠭᠡᠦᠭᠡᠤᠨ ᠤᠳ ᠴᠢᠷᠠᠯᠠᠯᠳᠤᠨ ᠳᠤᠭᠯᠠᠨ᠂ ᠲ᠋ᠤᠭᠤᠯ ᠤᠳ ᠣᠭᠤᠳᠤᠷᠠᠨ ᠭᠦᠶᠦᠯᠳᠦᠨ᠎ᠡ᠃ ᠡᠡᠢ᠌ᠯ ᠤᠨ ᠨᠤᠬᠠᠤᠨ ᠬᠠᠶᠠ ᠨᠢᠭᠡ ᠭᠦᠪ ᠭᠦᠪ ᠬᠤᠴᠠᠨ᠂ ᠠᠭᠤᠳᠠᠮ ᠳᠠᠯ᠎ᠠ ᠶᠢᠨ ᠠᠮᠤᠭᠤᠯᠠᠩ ᠳᠠᠢ᠌ᠪᠣᠩ ᠢ ᠮᠡᠳᠡᠭᠡᠯᠡᠵᠤ᠂ ᠵᠤᠰᠠᠯᠠᠩ ᠤᠨ ᠠᠢ᠌ᠯ ᠤᠳ ᠰᠥ᠋ ᠰᠠᠭᠠᠯᠢ᠂ ᠠᠢ᠌ᠷᠠᠭ ᠳᠠᠷᠭᠤ ᠪᠢᠯᠬᠠᠭᠤᠯᠤᠨ ᠰᠠᠤᠠᠭᠢᠯ ᠳᠤ ᠳᠠᠭᠠᠯᠠᠮᠵᠢᠳᠠᠢ᠃
ᠠᠬ᠎ᠠ ᠶᠢᠨ ᠭᠢ ᠮᠠᠨ ᠢ ᠢᠷᠠᠯ᠎ᠠ ᠭᠡᠤᠨ ᠶᠡᠭᠡᠯ᠎ᠡ ᠪᠠᠶᠡᠷᠯᠡᠨ᠂ ᠭᠡᠷ ᠤᠨ ᠶᠢᠠᠨ ᠣᠷᠴᠢᠮ ᠵᠥᠯᠭᠡᠨ ᠳᠡᠭᠡᠷ᠎ᠡ ᠰᠡᠷᠢᠭᠦᠨ ᠫᠧᠩ ᠪᠣᠰᠬᠠᠨ᠂ ᠫᠧᠩ ᠤᠨ ᠳᠦᠷᠪᠡᠨ ᠥᠡᠴᠦᠭ᠌ ᠲᠤ ᠰᠠᠩ ᠳᠠᠯᠪᠢᠵᠤ᠂ ᠠᠭᠢ ᠭᠠᠩᠭ᠋᠎ᠠ ᠶᠢᠨ ᠥᠨᠦᠷ ᠬᠡᠩᠭᠢᠨᠡᠭᠦᠯᠤᠨ᠂ ᠨᠡᠢ᠌ᠷ ᠤᠨ ᠰᠢᠷᠡᠭᠡ ᠵᠠᠰᠠᠭᠰᠠᠨ ᠪᠠᠢ᠌ᠯ᠎ᠠ᠃ ᠲ᠋ᠠᠳᠠ ᠬᠤᠨᠢ ᠭᠠᠷᠭᠠᠨ᠂ ᠴᠢᠰᠤ ᠴᠢᠦᠡᠬᠤᠨ ᠶᠡᠭᠡᠭᠡᠨ ᠶᠠᠭᠠᠷᠠᠵᠤ ᠪᠠᠢ᠌ᠪᠡ᠃ ᠭᠡᠳᠤᠨ ᠭᠡᠷ ᠶᠢᠠᠷ ᠶᠢᠠᠨ ᠳᠠᠭᠠᠷᠠᠭᠰᠠᠨ ᠳᠠᠭᠠᠨ ᠠᠶᠠᠳᠠᠢ᠌ᠬᠠᠨ ᠨᠠᠢ᠌ᠷᠠᠯᠠᠵᠤ ᠭᠦᠭᠡᠷᠦᠯᠳᠦᠶ᠎ᠡ ᠭᠡᠰᠡᠨ ᠠᠬ᠎ᠠ ᠪᠠᠷᠭᠡᠨ ᠤ ᠰᠠᠨᠠᠭ᠎ᠠ ᠶᠤᠮ᠃ ᠪᠢᠳᠠ ᠪᠦᠭᠦᠨ ᠶᠡᠭᠡᠯ᠎ᠡ ᠪᠠᠶᠠᠷ ᠭᠦᠦᠷ ᠪᠣᠯᠵᠤ᠂ ᠬᠤᠳᠠ ᠳᠤ ᠥᠰᠦᠭ᠍ᠰᠡᠨ ᠦᠬᠢᠨ ᠮᠢᠨᠢ ᠭᠦᠳᠡᠭᠡ ᠶᠢᠨ ᠶᠠᠭᠤ ᠪᠦᠭᠦᠨ ᠢ ᠰᠤᠨᠢᠷᠬᠠᠨ᠂ ᠤᠯᠡᠨ ᠡᠴᠡ ᠴᠢᠯᠦᠭᠡ ᠦᠭᠡᠶ ᠯᠠ ᠡᠨᠡ ᠳᠠᠷᠠ ᠶᠢ ᠭᠠᠢ᠌ᠬᠠᠨ ᠠᠰᠠᠭᠤᠨ᠎ᠠ᠄
᠊᠊᠊᠊᠊᠊᠊᠊᠊᠊᠊᠊᠊᠊᠊ ᠡᠨᠡ ᠵᠢᠷᠭᠢᠵᠤ ᠪᠠᠢ᠌ᠭ᠎ᠠ ᠴᠤᠷᠪᠣᠭ᠎ᠠ ᠤᠳ ᠭᠡᠨ ᠤ ᠭᠢ ᠪᠤᠢ︖ ᠶᠡᠭᠡ ᠠᠪᠣ ᠡ︖
᠊᠊᠊᠊᠊᠊᠊᠊᠊᠊᠊᠊᠊᠊᠊ ᠭᠡᠨ ᠤ ᠭᠢ ᠴᠤ ᠪᠢᠰᠢ᠂ ᠭᠡᠭᠡᠷ᠎ᠡ ᠶᠢᠨ ᠰᠢᠪᠠᠭᠤᠳ᠃
᠊᠊᠊᠊᠊᠊᠊᠊᠊᠊᠊᠊᠊᠊᠊ ᠡᠨ᠂ ᠲ᠋ᠡᠷᠡ ᠣᠯᠠᠨ ᠣᠯᠠᠨ ᠴᠡᠴᠡᠭ᠌ ᠤᠳ ᠢ ᠳᠠ ᠳᠠᠷᠢᠭᠰᠠᠨ ᠦᠦ︖
᠊᠊᠊᠊᠊᠊᠊᠊᠊᠊᠊᠊᠊᠊᠊ ᠦᠭᠡᠶ᠂ ᠪᠠᠰᠠ ᠯᠠ ᠭᠡᠭᠡᠷ᠎ᠡ ᠶᠢᠨ ᠴᠡᠴᠡᠭ᠌ ᠤᠳ ᠰᠢᠤ᠂ ᠭᠡᠦᠭᠡ᠃ ᠭᠡᠵᠤ ᠠᠬ᠎ᠠ ᠲᠡᠶ ᠡᠯᠳᠡᠪ ᠢ ᠭᠦᠭᠡᠷᠦᠯᠳᠦᠨ᠎ᠡ᠃ ᠡᠡᠬ᠎ᠠ ᠶᠢᠨ ᠰᠠᠭᠠᠬᠠᠯᠳᠠ ᠶᠢᠨ ᠭᠢ ᠰᠤᠪᠠᠢ ᠦᠨᠢᠶ᠎ᠡ ᠪᠠᠨ ᠨᠡᠭᠦᠷᠰᠤ ᠴᠠᠭᠢᠯᠭᠠᠨ ᠤ ᠭᠢᠨ ᠳᠤ ᠬᠤᠳᠠᠯᠳᠤᠵᠤ ᠳᠠᠳᠠ ᠨᠠᠷ ᠮᠠᠰᠢᠨ ᠶᠢᠡᠷ ᠶᠢᠡᠨ ᠢᠷᠡᠭᠡᠤᠨ ᠬᠠᠰᠢᠶᠠᠨ ᠡᠴᠡ ᠳᠠᠮᠠᠢ ᠬᠤᠯᠠ ᠦᠭᠡᠶ ᠠᠯᠠᠵᠤ ᠪᠠᠢ᠌ᠬᠤ ᠶᠢ ᠬᠠᠷᠠᠭᠠᠤᠨ ᠦᠬᠢᠨ ᠮᠢᠨᠢ᠄ 《ᠮᠠᠨ ᠳᠤ ᠬᠤᠨᠢ ᠠᠯᠠᠵᠤ ᠪᠠᠢ᠌ᠨ᠎ᠠ᠂ ᠥᠭᠡᠷ ᠠᠯᠠᠵᠤ ᠪᠠᠢ᠌ᠨ᠎ᠠ᠃》 ᠭᠡᠵᠤ ᠶᠡᠭᠡᠯ᠎ᠡ ᠪᠠᠶᠠᠷᠳᠠᠢ ᠱᠤᠯᠤᠭᠠᠨᠠᠵᠤ ᠪᠠᠢ᠌ᠯ᠎ᠠ᠃ ᠳᠠᠮᠠᠢ ᠣᠳᠠᠯ ᠦᠭᠡᠶ ᠠᠬ᠎ᠠ ᠪᠠᠷᠭᠡᠨ ᠬᠤᠨᠢ ᠭᠠᠷᠭᠠᠬᠤ ᠠᠵᠢᠯ ᠶᠢᠡᠨ ᠪᠦᠷᠢᠨ ᠲ᠋ᠠᠭᠤᠰᠬᠠᠨ ᠮᠢᠬ᠎ᠠ ᠪᠠᠨ ᠴᠢᠨᠠᠵᠤ ᠪᠣᠯᠭᠠᠪᠠ᠃ ᠮᠠᠨ ᠤ ᠨᠠᠢ᠌ᠷ ᠴᠤ ᠡᠭᠢᠯᠡᠯ᠎ᠡ᠃ ᠨᠡᠢ᠌ᠷ ᠤᠨ ᠡᠭᠢᠨ ᠳᠤ ᠠᠬ᠎ᠠ᠂ ᠠᠭᠤᠯᠠ ᠣᠪᠣᠭᠠᠨ ᠳᠠᠭᠠᠨ ᠰᠠᠷᠵᠢᠮ ᠡᠷᠭᠦᠨ᠂ ᠰᠢᠭᠦᠰᠤ ᠪᠠᠷᠢᠵᠤ᠂ ᠣᠯᠠᠨ ᠢ ᠰᠠᠭᠤᠯᠭᠠᠨ᠂ ᠨᠠᠢ᠌ᠷ ᠤᠨ ᠬᠠᠳᠠᠭ ᠰᠡᠭᠦᠪᠡ᠃ ᠠᠭᠤᠯᠵᠠᠭᠰᠡᠨ ᠪᠠᠶᠠᠷ᠂ ᠨᠤᠳᠤᠭ ᠤᠨ ᠰᠤᠨᠢᠨ᠂ ᠪᠠᠭ᠎ᠠ ᠶᠢᠨ ᠶᠠᠪᠣᠳᠠᠯ ᠡᠴᠡ ᠡᠭᠢᠯᠡᠨ ᠣᠯᠠᠨ ᠶᠠᠭᠤᠮ᠎ᠠ ᠶᠢ ᠭᠦᠭᠡᠷᠦᠯᠳᠤᠨ ᠳᠠᠭᠠᠳᠠᠢ ᠨᠠᠷᠭᠢᠵᠠᠭᠠᠨᠠ᠃ ᠠᠬ᠎ᠠ ᠶᠢᠨ ᠰᠠᠬᠠᠭᠠᠯᠳᠠ ᠠᠢ᠌ᠯ ᠤᠨ ᠭᠢᠳ ᠴᠤ ᠵᠠᠯᠠᠭᠳᠠᠨ ᠢᠷᠠᠵᠤ ᠨᠠᠢ᠌ᠷ ᠤᠨ ᠰᠢᠷᠡᠭᠡᠨ᠎ᠡ ᠴᠢᠮᠡᠭ᠌ ᠨᠠᠮᠠᠯ᠎ᠠ᠃ ᠲ᠋ᠠᠮᠠᠢ ᠣᠳᠠᠯ ᠦᠭᠡᠶ ᠳᠠᠭᠤᠤ ᠡᠭᠢᠯᠡᠵᠤ᠂ ᠡᠡᠬ᠎ᠠ ᠪᠠᠶᠠᠨ ᠬᠤᠭᠤᠷ ᠳᠤᠭᠯᠠᠨ᠂ ᠮᠠᠨ ᠤ ᠨᠥᠭᠦᠷ ᠳᠠᠭᠤᠤ ᠡᠷᠭᠦᠪᠡ᠃ ᠨᠡᠢ᠌ᠷ ᠤᠨ ᠬᠠᠯᠠᠭᠤᠨ ᠳᠡᠭᠡᠭᠰᠢᠯᠡᠭ᠍ᠳᠡᠵᠤ ᠣᠯᠠᠨ ᠶᠢᠡᠷ ᠶᠢᠡᠨ ᠪᠣᠰᠤᠯᠴᠠᠨ ᠳᠠᠠᠽ ᠪᠦᠵᠢᠭᠯᠡᠯ᠎ᠡ᠃ ᠰᠡᠳᠬᠢᠯ ᠪᠠ ᠠᠷᠢᠭᠢᠨ ᠳ᠋ᠤ ᠬᠠᠯᠠᠮᠰᠠᠭᠰᠠᠨ ᠪᠢ 《ᠨᠤᠳᠤᠭ ᠤᠨ ᠶᠢᠡᠨ ᠵᠥᠯᠭᠡᠨ ᠡᠴᠡ ᠰᠢᠮ᠎ᠠ ᠭᠦᠷᠳᠡᠨ᠎ᠡ》 ᠭᠡᠤᠨ ᠭᠦᠯ ᠨᠢᠴᠦᠭᠦᠨ ᠶᠢᠡᠷ ᠪᠦᠵᠢᠭ᠌ ᠡᠷᠭᠢᠯᠳᠦᠯᠡ᠃ ᠢᠷᠡᠭᠤ ᠰᠠᠢ᠌ᠬᠠᠨ ᠠᠶᠠᠰ ᠤᠨ ᠳᠤᠮᠳᠠ ᠨᠤᠳᠤᠭ ᠤᠨ ᠳᠤᠯᠤᠭᠠᠤᠨ᠂ ᠮᠥᠩᠭᠡ ᠭᠦᠭᠡ ᠳᠡᠭ᠍ᠷᠢ ᠲᠡᠶ ᠬᠠᠮᠳᠤ ᠮᠠᠨᠤᠰ ᠢ ᠬᠠᠷᠠᠨ ᠪᠠᠶᠠᠰᠴᠤ᠂ ᠮᠠᠨ ᠢ ᠳᠠᠭᠠᠭᠠᠤᠨ ᠪᠦᠵᠢᠵᠤ ᠪᠠᠢ᠌ᠬᠤ ᠰᠢᠭ ᠰᠠᠨᠠᠭᠳᠠᠨ᠎ᠠ᠃ ᠨᠠᠢ᠌ᠷ ᠶᠡᠭᠡᠯ᠎ᠡ ᠰᠠᠢ᠌ᠬᠠᠨ ᠪᠣᠯᠵᠤ᠂ ᠣᠯᠠᠨ ᠪᠠᠶᠠᠰᠤᠨ ᠢᠨᠢᠶᠠᠯᠳᠤᠨ᠎ᠠ᠁
ᠳᠦᠷᠪᠡᠨ ᠤ ᠬᠤᠶᠠᠷ᠂ ᠸᠠᠯᠢᠰ ᠪᠣᠯᠤᠨ ᠳᠦᠷᠪᠡᠨ ᠤ ᠳᠦᠷᠪᠡ ᠪᠠᠷ ᠳᠡᠡᠽᠯᠡᠵᠤ ᠨᠢᠭᠡ ᠡᠷᠭᠢᠯᠳᠦᠭᠡᠨ ᠪᠠᠷᠠᠪᠠᠯ ᠰᠢᠷᠡᠭᠡᠨ ᠳᠡᠭᠡᠨ ᠰᠠᠭᠤᠵᠤ ᠨᠠᠷᠭᠢᠵᠤ᠂ ᠨᠠᠢ᠌ᠷ ᠭᠠᠯ ᠢᠳᠠᠨ ᠳᠡᠭᠡᠨ ᠭᠦᠷᠴᠤ᠂ ᠭᠦᠮᠤᠨ ᠪᠦᠭᠦᠨ ᠤ ᠴᠢᠷᠠᠢ ᠳᠤ ᠢᠨᠢᠶᠡᠮᠰᠦᠭᠯᠡᠯ ᠳᠦᠭᠦᠷᠡᠵᠤ᠂ ᠳᠡᠭᠤ ᠶᠡᠭᠡᠰᠤᠨ ᠠᠭᠤᠯᠠ ᠳᠠᠯ᠎ᠠ ᠶᠢ ᠴᠤᠤᠷᠢᠶᠠᠳᠠᠳᠤᠯᠠ ᠢᠨᠢᠶᠠᠯᠳᠤᠨ᠎ᠠ᠃ ᠴᠠᠭ ᠮᠠᠰᠢ ᠳᠦᠷᠭᠡᠨ ᠥᠩᠭᠡᠷᠡᠭ᠍ᠰᠡᠭᠡᠷ᠂ ᠨᠡᠷ᠎ᠡ ᠪᠠᠷᠠᠭᠤᠠᠰᠢᠯᠠᠵᠤ ᠠᠭᠤᠯᠠ ᠵᠢᠨ ᠲ᠋ᠤᠯᠤᠭᠠᠢ ᠳᠤ ᠳᠦᠭᠦᠵᠤ᠂ ᠬᠤᠢ᠌ᠳᠤ ᠠᠭᠤᠯᠠᠨ ᠡᠴᠡ ᠥᠭᠡᠷ ᠤᠨ ᠰᠥᠷᠦᠭ᠌ ᠤᠳ ᠰᠠᠭᠠᠯᠢ ᠥᠭᠡᠳᠡ᠂ ᠪᠤᠯᠪᠠᠰᠦᠷᠡᠯ ᠡᠴᠡ ᠪᠠᠨ ᠪᠣᠴᠠᠵᠤ ᠪᠠᠢ᠌ᠭ᠎ᠠ ᠰᠢᠨ᠎ᠠ ᠴᠡᠷᠢᠭ᠌ ᠤᠳ ᠰᠢᠭ᠌ ᠠᠷᠤ ᠠᠷᠤ ᠡᠴᠡ ᠪᠠᠨ ᠳᠡᠭ᠍ᠰᠢᠭᠡᠨ ᠵᠠᠢ ᠳᠤ ᠴᠤᠪᠣᠵᠤ ᠪᠠᠭᠤᠨ᠎ᠠ᠃ ᠨᠢᠭᠡ ᠮᠡᠳᠡᠭᠦ ᠳᠤ ᠨᠢᠭᠡᠨᠲᠡ ᠦᠨᠢᠶ᠎ᠡ ᠰᠠᠭᠠᠬᠤ ᠡᠷᠡᠨ ᠪᠣᠯᠴᠢᠬᠠᠭᠰᠠᠨ ᠪᠠᠢ᠌ᠯ᠎ᠠ᠃ ᠪᠠᠷᠭᠡᠨ ᠮᠠᠨ ᠢ ᠵᠤᠴᠢᠯᠠᠬᠤ ᠶᠢᠨ ᠳᠦᠯᠦᠭᠡ ᠪᠣᠰᠤᠳ ᠲᠤ ᠨᠠᠢ᠌ᠳᠠᠨ ᠦᠨᠢᠶᠠᠤᠨ ᠵᠢᠠᠨ ᠰᠠᠭᠠᠯᠭᠠᠬᠤ ᠪᠠᠷ ᠪᠣᠯᠵᠤ᠂ ᠮᠠᠨ ᠤ ᠨᠠᠢ᠌ᠷ ᠤᠨ ᠭᠡᠳᠤᠨ ᠡᠮᠡᠭ᠍ᠳᠡᠢ᠌ᠴᠦᠳ ᠦᠨᠢᠶᠠᠨ ᠳ᠋ᠡᠭᠡᠨ ᠭᠠᠷᠦᠯᠡ᠃ ᠭᠡᠪᠠᠴᠤ ᠮᠠᠨ ᠤ ᠨᠠᠢ᠌ᠷ ᠣᠤᠯ ᠭᠡᠪ ᠪᠠᠷ ᠶᠢᠠᠨ ᠥᠷᠭᠦᠯᠵᠢᠯᠡᠵᠤ᠂ ᠡᠷᠡᠭ᠍ᠳᠡᠢ᠌ᠴᠦᠳ ᠭᠤᠤᠯᠴᠢᠯᠠᠭᠰᠠᠨ ᠨᠠᠢ᠌ᠷ ᠤᠨ ᠬᠠᠮᠳᠤ ᠶᠢᠨ ᠳᠠᠭᠤᠤ ᠣᠷᠤᠢ ᠵᠢᠨ ᠰᠡᠷᠢᠭᠦᠨ ᠳᠤ ᠣᠶᠠᠩᠭ᠋ᠠᠳᠠᠢ ᠳᠠᠭᠤᠷᠢᠰᠤᠨ᠂ ᠰᠠᠭᠠᠯᠢᠴᠢᠳ ᠢ ᠪᠠᠶᠠᠰᠠᠬᠠᠨᠠ᠁
ᠭᠡᠨᠡᠳᠲᠡ᠂ ᠰᠠᠭᠠᠯᠢ ᠶᠢᠨ ᠥᠭᠡᠷ ᠤᠳ ᠡᠴᠡ ᠶᠡᠭᠡ ᠪᠠᠷ ᠮᠥᠭᠡᠷᠡᠯᠳᠦᠭᠦ ᠲ᠋ᠡᠭᠤᠨ ᠭᠠᠷᠴᠤ᠂ ᠮᠠᠨ ᠤ ᠨᠠᠢ᠌ᠷ ᠤᠨ ᠭᠦᠭ᠌ ᠢ ᠳᠡᠷᠦᠪᠡ᠃ ᠥᠭᠡᠷ ᠤᠨ ᠰᠥᠷᠦᠭ᠌ ᠵᠥᠭ᠌ ᠠᠵᠢᠬᠤ ᠳᠤ᠂ ᠲ᠋ᠤᠤᠭᠠᠷ ᠤᠨ ᠥᠭᠡᠷ ᠠᠯᠠᠭᠰᠠᠨ ᠭᠠᠵᠠᠷ᠂ ᠠᠯᠠᠭᠰᠠᠨ ᠥᠭᠡᠷ ᠤᠨ ᠴᠢᠰᠤᠨ ᠳᠡᠭᠡᠷ᠎ᠡ ᠥᠭᠡᠷ ᠤᠳ ᠴᠤᠭᠯᠠᠷᠠᠨ ᠤᠷᠭᠢᠷᠡᠨ ᠮᠥᠭᠡᠷᠡᠯᠳᠦᠵᠤ ᠪᠠᠢ᠌ᠯ᠎ᠡ᠃ ᠡᠷᠭᠢᠨ ᠳᠤᠭᠤᠷᠢᠨ ᠤ ᠥᠭᠡᠷ ᠦᠳ ᠪᠦᠭᠦᠳᠡᠭᠡᠷ ᠶᠢᠡᠨ ᠮᠥᠭᠡᠷᠡᠯᠳᠤᠨ ᠥᠭᠡᠷ ᠠᠯᠠᠭᠰᠠᠨ ᠭᠠᠵᠠᠷ ᠵᠥᠭ᠌ ᠱᠤᠭᠰᠢᠯᠳᠦᠨᠡ᠃ ᠵᠡᠷᠢᠮ ᠥᠭᠡᠷ ᠡᠮᠦᠨ᠎ᠡ ᠭᠦᠯ ᠶᠢᠡᠷ ᠶᠢᠡᠨ ᠭᠠᠵᠠᠷ ᠮᠠᠯᠳᠠᠯᠠᠨ ᠬᠠᠶᠠᠵᠤ᠂ ᠭᠦᠡᠳᠡᠯᠡᠨ ᠭᠦᠰᠢᠵᠤ ᠬᠤᠴᠡᠵᠤ ᠪᠠᠢ᠌ᠭ᠎ᠠ ᠨᠤᠬᠠᠳ ᠢ ᠠᠶᠤᠯᠭᠠᠨ᠎ᠠ᠃ ᠲ᠋ᠡᠷᠳᠡᠭᠡ ᠬᠤᠯᠠ ᠠᠢ᠌ᠯ ᠤᠨ ᠥᠭᠡᠷ ᠦᠳ ᠳᠠᠭᠤ ᠠᠪᠣᠯᠴᠠᠨ ᠬᠤᠯᠠ ᠡᠴᠡ ᠮᠥᠭᠡᠷᠡᠯᠳᠤᠨ ᠱᠤᠭᠰᠢᠵᠤ ᠠᠢ᠌ᠰᠤᠢ᠃ ᠦᠭᠢᠨ ᠮᠢᠨᠢ ᠡᠢ᠌ᠮᠤ ᠶᠠᠭᠤᠮ᠎ᠠ ᠰᠠᠶᠢ ᠦᠵᠡᠵᠤ ᠪᠠᠢ᠌ᠬᠤ ᠪᠣᠯᠬᠤᠷ᠂ ᠨᠢᠳᠤ ᠪᠠᠨ ᠠᠨᠢᠨ ᠡᠭᠡ ᠶᠢᠨ ᠶᠢᠡᠨ ᠡᠪᠦᠷ ᠲᠤ ᠴᠢᠩᠭ᠋᠎ᠠ ᠨᠠᠭᠠᠯᠳᠤᠨ᠎ᠠ᠃ ᠬᠠᠱᠠᠩ ᠪᠣᠷᠤ ᠮᠤᠷᠢ ᠳᠡᠢ ᠥᠭᠡᠷᠴᠢᠨ ᠡᠪᠦᠭᠡᠨ᠂ ᠮᠦᠭᠦᠷ ᠣᠷᠭ᠎ᠠ ᠪᠠᠨ ᠡᠷᠭᠢᠭᠦᠯᠤᠨ᠂ ᠪᠦᠭᠦ ᠴᠠᠷ ᠶᠢᠠᠷ ᠶᠢᠠᠨ ᠬᠠᠰᠭᠢᠷᠤᠨ᠂ ᠣᠷᠭᠢᠷᠠᠨ ᠮᠥᠭᠡᠷᠡᠯᠳᠦᠵᠤ ᠪᠠᠢ᠌ᠭ᠎ᠠ ᠥᠭᠡᠷ ᠤᠨ ᠳᠤᠮᠳᠠ ᠲ᠋ᠠᠪᠢᠨ ᠣᠷᠤᠭᠠᠤᠨ᠂ ᠶᠠᠭ ᠯᠠ 《ᠳ᠋ᠦ᠋ᠡᠭ᠌ ᠺᠢᠬᠤᠳᠠᠢ》 ᠊ᠤᠨ ᠥᠯᠢᠭᠡᠷ ᠤᠨ ᠰᠠᠯᠭᠢᠨ ᠭᠦᠷᠳᠤ ᠶᠢ ᠶᠡᠭᠡ ᠳᠠᠢ᠌ᠰᠤᠨ ᠭᠡᠮᠡᠨ ᠳᠠᠭᠠᠷᠢᠳᠠᠭ ᠳ᠋ᠦ᠋ᠩ ᠺᠢᠬᠤᠳᠠᠢ ᠭᠢᠭᠡᠤᠨ ᠰᠠᠠᠴᠤ ᠫᠠᠩᠰᠠ ᠰᠢᠭ ᠮᠤᠷᠢᠨ ᠡᠴᠡ ᠪᠠᠨ ᠥᠢᠴᠢᠬᠤ ᠰᠢᠬᠠᠯᠡ᠃ ᠡᠡᠬ᠎ᠠ ᠭᠦᠭ᠍ᠵᠢᠮ ᠶᠢᠡᠨ ᠳᠠᠯᠪᠢᠵᠤ᠄ 《ᠵᠢᠷᠠ ᠭᠠᠷᠤᠢ ᠨᠠᠰᠤ ᠲᠡᠶ ᠡᠪᠦᠭᠡᠨ ᠭᠦᠮᠤᠨ ᠮᠤᠷᠢᠨ ᠡᠴᠡ ᠪᠠᠨ ᠣᠨᠠᠵᠤ ᠡᠢ᠌ᠮᠤ ᠳᠠᠢ᠌ᠮᠤ ᠪᠤᠯᠪᠠᠯ ᠶᠡᠭᠠᠭᠢᠨᠡ》 ᠭᠡᠤᠨ ᠰᠢᠭᠤᠳ ᠡᠪᠦᠭᠡᠨ ᠵᠥᠭ᠌ ᠭᠦᠶᠤᠨ ᠣᠴᠢᠪᠠ᠃ ᠠᠬ᠎ᠠ᠄ 《ᠠᠪᠣ ᠡ︕ ᠮᠥᠭᠡᠷᠡᠯᠳᠦᠪᠠᠯ ᠮᠥᠭᠡᠷᠡᠯᠳᠦᠭ᠌ ᠡ᠂ ᠲ᠋ᠠ ᠪᠤᠯᠢᠭᠤᠯᠵᠤ ᠴᠢᠳᠡᠬᠤ ᠥᠭᠡᠢ᠂ ᠨᠠᠰᠢ ᠨᠢ ᠢᠷ᠎ᠠ︕ ᠰᠢᠨ᠎ᠠ ᠮᠢᠬ᠎ᠠ ᠡᠴᠡ ᠡᠡᠮᠡ ᠭᠦᠷᠴᠤ ᠵᠢᠭᠠᠬᠠᠨ ᠡᠡᠮᠡᠷᠡ︕》 ᠭᠡᠤᠨ ᠥᠭᠡᠷᠴᠢᠨ ᠡᠪᠦᠭᠡᠨ ᠤ ᠮᠤᠷᠢᠨ ᠤ ᠵᠢᠯᠤᠭᠤ ᠡᠴᠡ ᠰᠢᠭᠤᠳ ᠭᠦᠳᠦᠯᠤᠨ ᠭᠡᠷ ᠤᠨ ᠭᠠᠳᠠᠨ᠎ᠠ ᠪᠠᠨ ᠠᠪᠴᠢᠷᠪᠡ᠃ ᠡᠡᠬ᠎ᠠ᠂ ᠡᠪᠦᠭᠡᠨ ᠢ ᠮᠤᠷᠢᠨ ᠡᠴᠡ ᠨᠢ ᠳᠤᠰᠤᠨ ᠪᠠᠭᠤᠯᠭᠠᠬᠤ ᠳᠤ᠂ ᠪᠢᠳᠠ ᠪᠦᠭᠦᠳᠡᠭᠡᠷ ᠪᠣᠰᠴᠤ ᠡᠪᠦᠭᠡᠨ ᠳ᠋ᠤ ᠠᠮᠤᠷ ᠠᠰᠠᠭᠤᠨ ᠮᠠᠠᠳᠤᠴᠢᠯᠠᠵᠤ ᠰᠢᠷᠡᠭᠡᠨ ᠤ ᠭᠤᠤᠯ ᠳᠤ ᠲᠦᠰᠢᠨ ᠰᠠᠭᠤᠯᠭᠠᠪᠠ᠃
ᠥᠭᠡᠷᠴᠢᠨ ᠡᠪᠦᠭᠡᠨ ᠶᠡᠭᠡᠳᠡ ᠡᠡᠮᠢᠰᠬᠤᠭᠠᠳᠡᠨ᠄ 《ᠡᠨᠡ ᠮᠠᠭᠤ ᠮᠠᠢ᠌ᠮᠠᠢ ᠤᠳ ᠶᠠᠭᠤ ᠭᠡᠵᠤ ᠬᠠᠰᠢᠶᠡᠨ ᠳᠤ ᠣᠢ᠌ᠷᠬᠠᠨ ᠥᠭᠡᠷ ᠭᠠᠷᠭᠠᠬᠤ ᠶᠤᠮ︖ ᠵᠤᠯᠢᠭ ᠤᠳ ᠢ︕ᠥᠭᠡᠷ ᠪᠣᠯ ᠰᠡᠭ᠌ ᠳᠡᠭᠡᠷ᠎ᠡ ᠪᠠᠨ ᠴᠤᠭᠯᠠᠷᠠᠳᠠᠭ ᠠᠮᠢᠳᠠᠨ》 ᠭᠡᠵᠤ ᠭᠡᠯᠡᠭᠦ ᠵᠢᠨ ᠲ᠋ᠠᠭᠠᠤ ᠳᠠᠮᠠᠭᠢ ᠪᠠᠨ ᠨᠤᠴᠤᠭᠠᠨ᠎ᠠ᠃ ᠠᠬ᠎ᠠ ᠳᠡᠷᠢᠭᠦᠯᠡᠨ ᠡᠪᠦᠭᠡᠨ ᠠᠪᠣ ᠳᠤ ᠠᠷᠢᠭᠢ ᠪᠠᠷᠢᠵᠤ ᠶᠤᠰᠤᠯᠠᠬᠤ ᠳᠤ᠂ ᠪᠠᠷᠭᠡᠨ ᠡᠪᠦᠭᠡᠨ ᠳᠤ ᠮᠢᠬ᠎ᠠ ᠣᠭᠳᠤᠯᠤᠨ᠂ ᠱᠦᠯᠦ ᠪᠠᠷᠢᠨ᠎ᠡ᠃ ᠨᠢᠭᠡ ᠨᠠᠰᠤ ᠪᠠᠷ ᠶᠢᠡᠨ ᠭᠠᠭᠴᠠ ᠪᠠᠶ᠎ᠠ ᠶᠠᠪᠣᠵᠤ ᠪᠠᠢ᠌ᠭ᠎ᠠ ᠭᠦᠭᠡᠷᠦᠭᠦᠢᠯᠡᠯᠳᠡᠢ ᠳᠡᠭᠦᠨ ᠤ ᠳᠦᠭᠦᠷᠡᠩ ᠠᠳᠤᠷᠢᠶ᠎ᠠ ᠪᠣᠯᠤᠭᠰᠠᠨ ᠪᠣᠷᠤ ᠴᠢᠷᠠᠢ ᠳᠤ ᠢᠨᠢᠶᠡᠮᠰᠦᠭᠯᠡᠯ ᠳᠤᠳᠤᠷᠠᠵᠤ᠂ ᠮᠠᠰᠢ ᠰᠠᠤᠠᠭᠢᠯ ᠳᠠᠭᠠᠯᠠᠮᠵᠢᠳᠠᠢ ᠪᠠᠢ᠌ᠯ᠎ᠠ᠃ ᠪᠢᠳᠠ ᠭᠦᠮᠤᠨ ᠪᠦᠭᠦᠨ ᠮᠤᠩᠭ᠋ᠤᠯ ᠶᠤᠰᠤ ᠪᠠᠷ ᠶᠢᠡᠨ ᠡᠪᠦᠭᠡᠨ ᠳᠤ ᠠᠷᠢᠭᠢ ᠪᠠᠷᠢᠬᠤ ᠳᠤ ᠡᠪᠦᠭᠡᠨ ᠮᠠᠰᠢ ᠶᠡᠭᠡ ᠪᠠᠶᠠᠷᠯᠠᠨ᠂ ᠲ᠋ᠠᠮᠠᠢ ᠤᠳᠡᠯ ᠥᠭᠡᠢ ᠬᠠᠯᠡᠮᠰᠡᠵᠤ᠂ ᠪᠢᠳᠡᠨ ᠳᠤ ᠣᠯᠠᠨ ᠶᠠᠭᠤᠮ᠎ᠠ ᠬᠠᠭᠤᠴᠢᠯᠠᠨ᠎ᠠ᠃ ᠠᠬ᠎ᠠ ᠳᠡᠭᠢᠵᠤ ᠭᠦᠭ᠍ᠵᠢᠮ ᠡᠭᠦᠰᠭᠡᠨ ᠠᠶ᠎ᠠ ᠳᠠᠭᠤᠤ ᠡᠷᠭᠦᠭᠦ ᠳᠤ ᠡᠪᠦᠭᠡᠨ ᠠᠪᠣ ᠣᠶᠠᠷᠠᠵᠤ ᠨᠢᠯᠪᠣᠰᠤ ᠣᠨᠠᠭᠠᠪᠠ᠃ ᠲ᠋ᠠᠷᠠᠪᠠᠷ᠂ ᠣᠷᠢᠳᠤ ᠣᠷᠤᠨ ᠤ ᠲ᠋ᠠᠷᠢᠶᠠᠯᠠᠬᠤ ᠬᠤᠰᠢᠭᠤᠨ ᠳᠤ ᠨᠤᠳᠤᠭ ᠲᠡᠶ᠂ ᠪᠠᠭ᠎ᠠ ᠳᠠᠭᠠᠨ ᠦᠨᠦᠴᠢᠨ ᠪᠣᠯᠵᠤ《ᠮᠤᠩᠭ᠋ᠤᠯ ᠭᠦᠮᠤᠨ᠂ ᠮᠤᠩᠭ᠋ᠤᠯ ᠭᠠᠵᠠᠷ ᠲᠠᠭᠠᠨ ᠣᠴᠢᠨ᠎ᠠ》 ᠭᠡᠤᠨ ᠨᠠᠰᠢ ᠴᠠᠭᠠᠴᠢᠯᠠᠨ ᠢᠷᠡᠭ᠍ᠰᠡᠨ ᠭᠡᠳᠡᠭ᠌᠃ ᠨᠤᠲᠤᠭ ᠤᠨ ᠭᠦᠮᠦᠰ ᠲᠡᠶ ᠲᠤᠩ ᠡᠪ ᠨᠠᠢ᠌ᠷ ᠲ᠋ᠠᠢ ᠶᠠᠪᠣᠯᠴᠠᠵᠤ᠂ ᠶᠠᠳᠠᠭᠤ ᠵᠥᠳᠡᠭᠦᠤ ᠶᠢ ᠠᠯᠢ ᠴᠢᠳᠠᠬᠤ ᠪᠠᠷ ᠶᠢᠡᠨ ᠳᠤᠰᠠᠯᠠᠵᠤ ᠶᠠᠪᠣᠳᠠᠭ ᠰᠠᠢ᠌ᠨ ᠰᠠᠨᠠᠭ᠎ᠠ ᠲᠡᠶ ᠭᠦᠮᠤᠨ ᠶᠤᠮ᠃ ᠨᠠᠩ ᠴᠤ 《ᠰᠤᠶᠤᠯ ᠤᠨ ᠬᠤᠪᠢᠰᠬᠠᠯ》 ᠤᠨ ᠳᠤᠮᠳᠠ᠂ ᠠᠪᠳᠠᠭᠳᠠᠵᠤ ᠪᠠᠢ᠌ᠭ᠎ᠠ ᠭᠦᠮᠦᠰ ᠲᠤ ᠳᠤᠰᠠ ᠭᠢᠵᠤ ᠶᠠᠪᠣᠭᠰᠠᠨ ᠪᠠᠢ᠌ᠨ᠎ᠠ᠃ 1968 ᠣᠨ ᠤ 《ᠦᠪᠣᠷ ᠠᠷᠠᠤᠨ ᠤᠨ ᠨᠠᠮ ᠢ ᠮᠠᠯᠳᠠᠵᠤ ᠠᠷᠢᠯᠭᠠᠬᠤ》 ᠭᠦᠳᠡᠯᠭᠡᠭᠡᠨ ᠳᠤᠮᠳᠠ᠂ ᠶᠠᠳᠠᠭᠤ ᠴᠠᠭᠠᠴᠢᠨ ᠭᠠᠷᠤᠯ ᠳᠠᠢ ᠲ᠋ᠠᠷᠠ᠂ ᠭᠢᠯᠢᠰ ᠭᠦᠵᠢᠷ ᠶᠠᠪᠣᠳᠠᠯ ᠢ ᠡᠰᠡᠷᠭᠦᠴᠡᠨ᠂ ᠥᠪᠠᠷ ᠤᠨ ᠣᠬᠠᠭᠠᠨ ᠴᠢᠳᠠᠯ ᠲ᠋ᠤᠳᠤᠷ᠎ᠠ ᠪᠠᠨ ᠭᠡᠯᠮᠡᠭ᠍ᠳᠡᠭ᠍ᠰᠡᠳ ᠢ ᠬᠠᠮᠠᠭᠠᠯᠠᠵᠤ᠂ 《ᠬᠤᠪᠢᠰᠬᠠᠯᠴᠢᠳ》 ᠲᠡᠶ ᠠᠰ ᠲ᠋ᠤᠯᠤᠨ ᠠᠪᠤᠨ ᠬᠠᠷᠢᠭᠤᠴᠠᠳᠠᠭ ᠰᠠᠢ᠌ᠨ ᠡᠷ᠎ᠡ ᠪᠠᠢ᠌ᠭᠰᠠᠨ ᠭᠡᠳᠡᠭ᠌᠃ ᠭᠡᠳᠦᠢ ᠪᠠᠷ ᠪᠢᠴᠢᠭ᠌ ᠮᠡᠳᠡᠭᠦ ᠦᠭᠡᠶ ᠴᠤ᠂ ᠭᠡᠳᠤᠨ ᠭᠢᠳᠠᠤᠨ ᠭᠡᠯᠡ ᠲᠡᠶ ᠪᠣᠯᠬᠤᠷ 《ᠬᠤᠪᠢᠰᠬᠠᠯᠴᠢᠳ》 ᠲ᠋ᠠᠢ ᠶᠤᠰᠤ ᠮᠠᠷᠭᠤᠳᠠᠭ ᠭᠡᠨ᠎ᠡ᠃ ᠡᠢ᠌ᠮᠤ ᠡᠴᠡ ᠨᠤᠳᠤᠭ ᠤᠨ ᠣᠯᠠᠨ ᠤ ᠪᠠᠨ ᠬᠠᠢ᠌ᠷ᠎ᠠ ᠭᠦᠡᠳᠦᠦᠡᠭᠡᠯ ᠢ ᠣᠯᠤᠭᠰᠠᠨ ᠣᠯᠠᠨ ᠤ ᠬᠠᠢ᠌ᠷᠠᠳᠤ ᠠᠪᠣ ᠪᠣᠯᠬᠤ ᠪᠢᠯᠠ᠃ ᠲ᠋ᠠᠭᠤᠨ ᠤ ᠳᠠᠷᠠᠭ᠎ᠠ ᠪᠢ ᠪᠣᠰᠴᠤ ᠡᠪᠦᠭᠡᠨ ᠠᠪᠣ ᠳᠤ ᠠᠷᠢᠭᠢ ᠪᠠᠷᠢᠬᠤ ᠳᠤ᠂ ᠡᠪᠦᠭᠡᠨ ᠬᠠᠡᠴᠦᠢ ᠪᠠᠨ ᠵᠠᠰᠠᠵᠤ ᠶᠠᠭᠠᠷᠠᠤᠬᠠᠨ ᠠᠷᠢᠭᠢ ᠶᠢ ᠳᠤᠰᠴᠤ᠄ 《ᠵᠠ᠂ ᠮᠢᠨᠤ ᠭᠦᠤ ᠪᠣᠯᠵᠤ ᠪᠠᠢ᠌ᠨ᠎ᠠ᠂ ᠮᠤᠩᠭ᠋ᠤᠯ ᠶᠤᠰᠤ ᠪᠠᠨ ᠭᠦᠡᠳᠦᠦᠡᠭᠡᠨ᠂ ᠮᠤᠩᠭ᠋ᠤᠯ ᠬᠤᠪᠴᠡᠰᠤ ᠪᠠᠨ ᠡᠮᠦᠰᠴᠤ ᠨᠤᠳᠤᠭ ᠶᠢᠡᠷ ᠶᠢᠡᠨ ᠠᠢ᠌ᠯᠠᠴᠢᠯᠠᠵᠤ ᠪᠠᠢ᠌ᠨ᠎ᠠ᠂ ᠴᠢ ᠪᠠᠭ᠎ᠠ ᠳᠠᠭᠠᠨ ᠭᠦᠯ ᠨᠢᠴᠦᠭᠦᠨ ᠶᠠᠪᠣᠳᠠᠭ ᠰᠠᠢ᠌ᠨ ᠡᠷ᠎ᠡ ᠪᠠᠢ᠌ᠭᠰᠠᠨ ᠰᠢᠤ᠃ ᠬᠤᠳᠠ ᠶᠢᠨ ᠮᠠᠢ᠌ᠮᠠᠢ ᠪᠣᠯᠵᠤ ᠬᠤᠪᠢᠷᠠᠭᠰᠠᠨ ᠥᠭᠡᠢ ᠰᠡᠢ᠌ᠨ᠂ ᠰᠡᠢ᠌ᠨ᠂ ᠪᠤᠯᠵᠤ ᠪᠠᠢ᠌ᠨ᠎ᠠ᠂ ᠣᠢ᠌ᠮᠤᠷ ᠠᠪᠣ ᠨᠢ ᠴᠢᠮ᠎ᠠ ᠳᠤ ᠶᠠᠷᠢᠬᠤ ᠶᠠᠭᠤᠮ᠎ᠠ ᠪᠠᠢ᠌ᠨ᠎ᠠ᠃ ᠨᠠᠮᠢ᠋ᠢ ᠰᠤᠭᠳᠤᠭᠤ ᠭᠡᠵᠤ ᠪᠣᠤ ᠪᠤᠳᠤ᠂ ᠪᠢᠴᠢᠭ᠌ ᠮᠡᠳᠡᠭᠦ ᠦᠭᠡᠶ ᠭᠡᠵᠤ ᠪᠣᠤ ᠭᠤᠯᠤ ᠡ》 ᠭᠡᠤᠨ ᠨᠠᠳᠠ ᠣᠷᠤᠭᠤ ᠭᠠᠷ ᠵᠢᠠᠨ ᠲ᠋ᠤᠭᠢᠨ᠄ 《ᠰᠠᠭᠤ᠂ ᠰᠠᠭᠤ᠂ ᠰᠠᠭᠤᠵᠤ ᠪᠠᠢ᠌ᠭᠠᠤᠨ ᠭᠡᠯᠡᠶ᠎ᠡ ᠠᠪᠣ ᠨᠢ》 ᠭᠡᠪᠡ᠃ ᠮᠠᠨ ᠤ ᠪᠠᠷᠭᠡᠨ᠄ 《ᠵᠠ᠂ ᠪᠤᠯᠤᠯ᠎ᠡ ᠠᠪᠣ ᠡ᠂ ᠲ᠋ᠠ ᠰᠤᠭᠳᠤᠵᠤ ᠪᠠᠢ᠌ᠨ᠎ᠠ᠂ ᠲ᠋ᠠᠷᠠ ᠬᠤᠳᠠ ᠶᠢᠨ ᠭᠦᠮᠤᠨ᠂ ᠲ᠋ᠡᠷᠤᠭᠠ ᠴᠤ ᠪᠢᠰᠢ᠂ ᠵᠥᠭᠡᠷ ᠠᠢ᠌ᠯᠴᠢᠯᠠᠵᠤ ᠢᠷᠡᠭ᠍ᠰᠡᠨ ᠭᠦᠮᠤᠨ᠂ ᠮᠡᠨ ᠤ ᠡ᠊ᠨᠳᠡᠭᠢ ᠪᠠᠢ᠌ᠳᠠᠯ ᠢ ᠶᠠᠭᠤ ᠮᠡᠳᠡᠳᠡᠭ᠌ ᠶᠤᠮ᠃ ᠲ᠋ᠠ᠂ ᠬᠤᠰᠢᠭᠤ᠂ ᠰᠤᠮᠤ ᠶᠢᠨ ᠲ᠋ᠠᠷᠤᠭ᠎ᠠ ᠨᠡᠷ ᠲᠤ ᠭᠡᠯᠡᠭᠦ ᠥᠭᠡ ᠪᠠᠨ ᠭᠡᠯᠡ ᠳ᠋ᠧ》 ᠭᠡᠵᠤ ᠡᠪᠦᠭᠡᠨ ᠢ ᠬᠤᠷᠢᠭᠯᠠᠨ ᠢᠳᠬᠠᠨᠡ᠃ ᠡᠪᠦᠭᠡᠨ᠄ 《ᠵᠠ᠂ ᠵᠨ ᠪᠣᠯᠢᠶ᠎ᠠ ᠳ᠋ᠤᠤ᠂ ᠵᠥᠭᠡᠷ ᠣᠠᠳᠤᠤ ᠶᠡᠭᠤᠮ᠎ᠡ ᠭᠦᠭᠡᠷᠦᠯᠳᠦᠶ᠎ᠡ》 ᠭᠡᠵᠤ ᠡᠪ ᠥᠭᠡᠢ᠌ᠳᠡᠭ᠍ᠰᠡᠨ ᠮᠠᠶᠢᠭ ᠲᠡᠶ ᠪᠠᠭ᠎ᠠ ᠳᠠᠭᠤᠨ ᠶᠢᠡᠷ ᠭᠡᠯᠡᠭᠡᠤᠨ ᠪᠠᠷᠢᠭᠰᠠᠨ ᠠᠷᠢᠭᠢ ᠶᠢ ᠭᠦᠩᠭᠡᠭᠡᠨ ᠠᠮᠠ ᠭᠦᠷᠦᠭᠡᠤᠨ ᠳᠠᠯᠪᠢᠭᠰᠠᠨᠠ ᠭᠦᠨ ᠭᠡᠭ᠍ᠴᠢ ᠪᠠᠷ ᠰᠠᠨᠠᠭ᠎ᠠ ᠠᠯᠳᠠᠨ᠂ ᠬᠠᠷᠮᠠᠨ ᠶᠢᠡᠨ ᠠᠭᠤᠳᠠᠯᠠᠵᠤ ᠬᠠᠪᠳᠠᠷᠭ᠎ᠠ ᠪᠠᠨ ᠭᠠᠷᠭᠠᠨ ᠳᠠᠮᠠᠭᠢ ᠪᠠᠨ ᠣᠷᠢᠶᠠᠪᠠ᠃ ᠪᠢ ᠮᠠᠰᠢ ᠦᠷᠦᠪᠳᠠᠨ᠄ 《ᠬᠠᠮᠢᠭ᠎ᠠ ᠦᠭᠡᠶ᠂ ᠠᠪᠣ ᠡ ᠲ᠋ᠠ ᠭᠡᠯᠡᠭᠦ ᠪᠠᠨ ᠭᠡᠯᠡᠵᠤ ᠪᠣᠯᠤᠨ᠎ᠠ᠃ ᠶᠠᠮᠠᠷ ᠬᠠᠮᠢᠶ᠎ᠠ ᠪᠠᠢ᠌ᠬᠤ ᠪᠣᠢ》 ᠭᠡᠵᠤ ᠭᠡᠯᠡᠪᠡ᠃
ᠡᠪᠦᠭᠡᠨ ᠣᠷᠢᠶᠠᠭᠰᠠᠨ ᠳᠠᠮᠠᠭᠢ ᠪᠠᠨ ᠠᠭᠠᠵᠢᠭᠤᠬᠠᠨ ᠨᠤᠴᠤᠭᠠᠨ ᠭᠦᠴᠦᠳᠡᠢ ᠨᠢᠭᠡ ᠰᠤᠷᠤᠵᠤ ᠠᠬ᠎ᠠ ᠡᠴᠡ ᠵᠦᠪᠰᠢᠶᠠᠷᠠᠯ ᠠᠪᠬᠤ ᠮᠠᠳᠤ ᠵᠥᠭᠡᠯᠡᠨ ᠬᠠᠷᠠᠴᠠ ᠪᠠᠷ ᠵᠢᠠᠨ ᠠᠬ᠎ᠠ ᠶᠢ ᠰᠢᠷᠳᠠᠨ᠎ᠠ᠃ ᠣᠯᠠᠨ ᠢᠨᠢᠶᠠᠯᠳᠤᠵᠤ᠂ ᠵᠠᠷᠢᠮ ᠨᠢ᠄
᠊᠊᠊᠊᠊᠊᠊᠊᠊᠊᠊᠊᠊᠊᠊ ᠭᠦᠭᠡᠷᠦᠭᠦᠢ ᠭᠡᠯᠡᠪᠠᠯ ᠭᠡᠯᠡᠭᠡ ᠳ᠋ᠧ ᠭᠡᠭᠦ ᠳᠤ ᠵᠠᠷᠢᠮ ᠨᠢ᠄
᠊᠊᠊᠊᠊᠊᠊᠊᠊᠊᠊᠊᠊᠊᠊ ᠨᠢᠭᠡ ᠶᠠᠷᠢᠪᠠᠯ ᠵᠤᠭᠰᠤᠬᠤ ᠪᠠᠨ ᠮᠡᠳᠡᠭᠦ ᠦᠭᠡᠶ ᠣᠯᠠᠨ ᠶᠠᠭᠤᠮ᠎ᠠ ᠶᠠᠷᠢᠨ᠎ᠠ᠁ ᠭᠡᠭᠦ ᠮᠠᠳᠤ ᠪᠠᠭ᠎ᠠ ᠳᠠᠭᠤᠨ ᠶᠢᠡᠷ ᠬᠤᠭᠤᠷᠤᠠᠳᠤ ᠪᠠᠨ ᠰᠢᠪᠨᠠᠯᠳᠤᠨᠠ᠃ ᠠᠬ᠎ᠠ᠂ ᠥᠷᠦᠪᠳᠡᠭ᠍ᠰᠡᠨ ᠪᠣᠯᠤᠯᠳᠠᠢ ᠶᠠᠭᠤ ᠴᠤ ᠳᠤᠤᠭᠠᠷᠠᠭᠰᠠᠨ ᠦᠭᠡᠶ᠃ ᠡᠪᠦᠭᠡᠨ ᠵᠢᠷᠦᠭᠡ ᠪᠠᠨ ᠴᠢᠩᠭ᠋ᠠᠯᠵᠤ ᠪᠠᠢ᠌ᠬᠤ ᠰᠢᠭ᠌ ᠮᠢᠨᠤ ᠪᠠᠷᠢᠭᠰᠠᠨ ᠬᠤᠠᠳᠠᠭ᠎ᠠ ᠲᠡᠶ ᠠᠷᠢᠭᠢ ᠶᠢ ᠳᠠᠭᠢᠨ ᠠᠪᠴᠤ ᠨᠢᠭᠡ ᠯᠠ ᠭᠦᠡᠳᠦᠷᠡᠭᠡᠤᠨ᠂ ᠡᠡᠮᠡ ᠪᠠᠨ ᠭᠠᠷ ᠤᠨ ᠠᠯᠠᠭ᠎ᠠ ᠶᠢᠨ ᠠᠷᠤ ᠳᠠᠯ᠎ᠠ ᠪᠠᠷ ᠠᠷᠴᠢᠭᠠᠤᠨ ᠥᠭᠡ ᠪᠠᠨ ᠡᠭᠢᠯᠡᠭᠦᠯᠪᠡ᠃
ᠡᠪᠦᠭᠡᠨ᠄ 《ᠭᠡᠦᠭᠡ ᠡ᠂ ᠴᠢ ᠪᠣᠯ ᠰᠤᠶᠤᠯ ᠲᠡᠶ ᠭᠦᠮᠤᠨ᠂ ᠠᠢ᠌ᠮᠠᠭ ᠳᠤ ᠣᠯᠠᠨ ᠭᠢᠳᠠᠤᠨ ᠤᠨ ᠳᠤᠮᠳᠠ ᠦᠪᠡᠷ ᠤᠨ ᠴᠢᠳᠠᠯ ᠶᠢᠡᠷ ᠶᠢᠡᠨ ᠶᠠᠪᠣᠵᠤ ᠪᠠᠢ᠌ᠨ᠎ᠠ᠃ ᠴᠢ ᠣᠳᠤ ᠨᠤᠳᠤᠭ ᠶᠢᠡᠨ ᠬᠠᠷᠠᠯ ᠳ᠋ᠡ᠂ ᠪᠦᠷ ᠭᠦᠢᠴᠡᠯ᠎ᠡ ᠰᠢᠤ᠃ ᠣᠳᠤ ᠮᠠᠨ ᠤ ᠨᠤᠳᠤᠭ ᠲᠤ ᠳᠡᠮᠡᠭᠡ᠂ ᠡᠡᠳᠦᠭᠤ ᠪᠠᠷᠤᠭ ᠦᠭᠡᠶ ᠪᠣᠯᠤᠯ᠎ᠠ᠂ ᠣᠳᠤᠷ ᠶᠠᠪᠣᠬᠤ ᠪᠠᠯᠴᠢᠭᠡᠷ ᠦᠭᠡᠶ ᠪᠣᠯᠵᠤ ᠪᠠᠢ᠌ᠨ᠎ᠠ ᠰᠢᠤ᠃ ᠰᠤᠮᠤ ᠭᠠᠴᠠᠭᠠᠨ ᠤ ᠳᠠᠷᠤᠭ᠎ᠠ ᠨᠠᠷ ᠭᠠᠵᠠᠷ ᠶᠢᠡᠨ ᠭᠢᠳᠠᠤᠨ ᠲᠤ ᠥᠭ᠍ᠴᠤ ᠳᠠᠷᠢᠶ᠎ᠠ ᠳᠠᠷᠢᠭᠤᠯᠵᠤ ᠪᠠᠢ᠌ᠨ᠎ᠡ᠃ ᠠᠭᠤᠷᠬᠠᠢ ᠨᠡᠭᠡᠭᠡᠨ᠎ᠡ ᠭᠡᠤᠨ ᠯᠠ ᠨᠤᠲᠤᠭ ᠪᠠᠯᠴᠢᠭᠡᠷ ᠢ ᠠᠪᠴᠤ ᠯᠠ ᠪᠠᠢ᠌ᠨ᠎ᠡ᠂ ᠡᠨᠡ ᠶᠡᠩᠵᠤ ᠪᠠᠷ ᠬᠤᠵᠢᠮ ᠤᠨ ᠭᠦᠮᠦᠰ ᠶᠠᠭᠠᠭᠢᠵᠤ ᠡᠡᠮᠢᠳᠦᠷᠡᠨᠡ︖᠂》 ᠭᠡᠤᠨ ᠵᠢᠭᠠᠬᠠᠨ ᠠᠮᠤᠰᠭᠢᠭᠰᠠᠨᠠ᠂ ᠰᠢᠷᠡᠭᠡᠨ ᠤ ᠰᠢᠯ ᠲᠡᠶ ᠠᠷᠢᠭᠢ ᠶᠢ ᠠᠪᠤᠨ ᠣᠯᠠᠨ ᠤ ᠬᠤᠠᠳᠠᠭ᠎ᠠ ᠳᠤ ᠰᠡᠷᠭᠦᠭᠡᠭᠡᠤᠨ᠄ 《ᠵᠠ᠂ ᠰᠡᠢ᠌ᠬᠠᠨ ᠣᠴᠠᠷᠠᠭᠰᠠᠨ ᠳᠠᠭᠠᠨ ᠨᠠᠢ᠌ᠷ ᠤᠨ ᠬᠠᠷᠢᠭᠤ᠂ ᠵᠠ ᠪᠦᠭᠦᠳᠡᠭᠡᠷ ᠶᠢᠡᠨ》 ᠭᠡᠤᠨ ᠬᠤᠠᠳᠠᠭ᠎ᠠ ᠮᠥᠷᠭᠦᠭᠦᠯᠪᠡ᠃ ᠡᠪᠦᠭᠡᠨ ᠠᠪᠣ ᠨᠠᠢ᠌ᠷ ᠤᠨ ᠠᠭᠤᠷ ᠠᠮᠢᠰᠬᠤᠯ ᠢ ᠰᠠᠢ᠌ᠬᠠᠨ ᠵᠤᠭᠢᠴᠠᠭᠤᠯᠵᠤ ᠶᠠᠷᠢᠶ᠎ᠠ ᠪᠠᠨ ᠥᠷᠭᠦᠯᠵᠢᠯᠡᠭᠦᠯᠦᠨᠡ᠃ ᠶᠠᠷᠢᠶᠠᠨ ᠳᠠᠭᠠᠨ ᠣᠷᠮ᠎ᠠ ᠨᠢ ᠰᠡᠷᠭᠦᠵᠤ᠂ ᠨᠢᠭᠤᠷ ᠴᠢᠷᠠᠢ ᠨᠢ ᠭᠡᠷᠡᠯ ᠳᠠᠢ ᠪᠣᠯᠵᠤ ᠬᠠᠷᠠᠭᠳᠠᠨ᠎ᠠ᠃ ᠣᠯᠠᠨ ᠶᠢᠡᠷ ᠵᠢᠡᠨ ᠡᠪᠦᠭᠡᠨ ᠤ ᠶᠠᠷᠢᠶᠠᠨ ᠳ᠋ᠤ ᠲ᠋ᠠᠳᠠᠭᠳᠠᠵᠤ ᠨᠠᠮ ᠵᠢᠮ ᠪᠣᠯᠵᠤ ᠳᠤᠭᠤᠢ ᠰᠠᠭᠤᠨ᠎ᠠ᠃ ᠡᠪᠦᠭᠡᠨ ᠵᠠᠯᠭᠠᠭᠠᠤᠨ᠄ ᠦᠨᠡᠨ ᠥᠭᠡ᠂ ᠮᠡᠨ ᠤ ᠮᠤᠩᠭ᠋ᠤᠯ ᠭᠦᠮᠤᠨ ᠳᠤᠳᠤᠷ᠎ᠠ ᠪᠠᠨ ᠡᠪ ᠦᠭᠡᠶ᠂ ᠠᠯᠵᠠᠭᠤ ᠵᠠᠯᠬᠠᠭᠤ᠂ ᠠᠷᠢᠭᠢ ᠤᠤᠭᠤᠨ᠎ᠠ᠃ ᠡᠷᠭᠡ ᠵᠡᠷᠭᠡ ᠲᠡᠶ᠂ ᠴᠢᠳᠠᠯ ᠡᠷᠳᠡᠮ ᠲᠡᠶ ᠨᠢ ᠦᠪᠡᠷ ᠤᠨ ᠭᠦᠮᠤᠨ ᠶᠢᠡᠨ ᠳᠡᠭᠡᠭᠰᠢ ᠲ᠋ᠡᠳᠡᠵᠤ ᠭᠠᠷᠭᠠᠬᠤ ᠥᠭᠡᠢ ᠬᠠᠷᠢᠨ ᠳᠤᠭᠤᠰᠢ ᠲ᠋ᠠᠷᠤᠨᠠ᠃ ᠭᠠᠳᠠᠨ᠎ᠠ ᠡᠴᠡ ᠢᠷᠡᠭ᠍ᠰᠡᠨ ᠳᠡᠨᠦᠭᠦᠯ ᠭᠢᠳᠡᠳ ᠤᠳ ᠲᠡᠶ ᠡᠡᠬ᠎ᠠ ᠲ᠋ᠡᠭᠦᠤ ᠪᠤᠯᠵᠤ᠂ ᠡᠷᠦᠭᠡ ᠠᠮᠠ ᠲᠡᠶ ᠪᠣᠯᠭᠠᠵᠤ ᠮᠠᠯ ᠪᠠᠯᠴᠢᠭᠡᠷ ᠥᠭ᠍ᠴᠤ᠂ ᠥᠪᠠᠷ ᠤᠨ ᠪᠠᠯᠴᠢᠭᠡᠷ ᠲᠡᠭᠡᠨ ᠭᠢᠳᠠᠤᠨ ᠠᠬ᠎ᠠ ᠳᠡᠭᠦᠤ ᠶᠢᠨ ᠶᠢᠡᠨ ᠮᠠᠯ ᠢ ᠥᠰᠭᠡᠵᠤ᠂ ᠥᠪᠠᠷ ᠤᠨ ᠬᠠᠳᠤᠯᠠᠩ ᠶᠢᠡᠨ ᠭᠢᠳᠠᠤᠨ ᠲᠤ ᠥᠭ᠍ᠴᠤ ᠬᠠᠳᠤᠭᠤᠯᠤᠨᠠ᠃ ᠶᠠᠮᠠᠷ ᠥᠭᠦᠭ᠍ᠰᠡᠨ ᠡᠴᠢᠭᠡ ᠶᠢᠨ ᠭᠢᠨᠢ ᠲᠦᠷᠦᠯ ᠦᠦ︖ ᠣᠳᠤ ᠵᠠᠷᠢᠮ ᠠᠢ᠌ᠯ ᠤᠨ ᠦᠬᠢᠳ ᠮᠤᠩᠭ᠋ᠤᠯ ᠶᠢᠠᠨ ᠠᠷᠢᠭᠢᠴᠢᠨ᠂ ᠠᠵᠢᠯᠴᠢ ᠪᠢᠰᠢ ᠭᠡᠤᠨ ᠭᠢᠳᠠᠤᠨ ᠭᠦᠷᠭᠡᠨ ᠳᠤ ᠭᠠᠷᠴᠤ ᠪᠠᠢ᠌ᠨ᠎ᠠ᠃ ᠴᠢ ᠭᠡᠯᠡ ᠳ᠋ᠧ᠂ ᠶᠡᠭᠤ ᠪᠣᠯᠵᠤ ᠪᠠᠢ᠌ᠨ᠎ᠠ᠃ ᠵᠠᠯᠠᠭᠤᠴᠤᠳ ᠦᠪᠡᠷ ᠤᠨ ᠳᠤᠳᠤᠷ᠎ᠠ ᠪᠠᠨ ᠬᠤᠰᠢᠭᠤ ᠨᠤᠳᠤᠭ ᠢᠯᠭᠠᠵᠤ᠂ ᠨᠢᠭᠡ ᠨᠢᠭᠡ ᠪᠠᠨ ᠭᠠᠳᠠᠭᠤᠷᠴᠢᠯᠠᠨ ᠬᠤᠭᠤᠷᠤᠠᠳᠤ ᠪᠠᠨ ᠴᠤᠭᠢᠯᠳᠦᠨᠡ᠃》 ᠭᠡᠪᠡ᠃ ᠲ᠋ᠡᠷᠡ ᠭᠦᠨ ᠡᠡᠡᠮᠢᠰᠭᠤᠭᠠᠳᠡᠨ ᠲ᠋ᠡᠮᠠᠭᠢ ᠪᠠᠨ ᠣᠷᠢᠶᠠᠨ᠎ᠠ᠃ ᠪᠢᠳᠠ ᠪᠦᠭᠦᠨ ᠲ᠋ᠡᠭᠤ ᠦᠭᠡᠶ᠂ ᠬᠤᠭᠤᠷᠤᠠᠳᠤ ᠪᠠᠨ ᠬᠤᠠᠳᠠᠭ᠎ᠠ ᠪᠠᠨ ᠵᠥᠭᠡᠯᠡᠨ ᠮᠥᠷᠭᠦᠭᠦᠯᠡᠨ ᠠᠷᠢᠭᠢ ᠪᠠᠨ ᠰᠢᠮᠠᠵᠤ ᠡᠪᠦᠭᠡᠨ ᠤ ᠠᠮᠠ ᠶᠢ ᠱᠠᠭᠠᠢ᠌ᠵᠤ ᠰᠡᠭᠤᠨᠡ᠃ ᠡᠪᠦᠭᠡᠨ ᠨᠠᠳᠠ ᠣᠷᠤᠭᠤ ᠵᠠᠩᠭ᠋ᠠᠵᠤ᠄ 《ᠭᠡᠦᠭᠡ᠂ ᠴᠢ ᠪᠣᠯ ᠰᠤᠶᠤᠯ ᠲᠡᠶ ᠭᠦᠮᠤᠨ᠂ ᠡᠨᠡ ᠣᠴᠢᠷ ᠤᠳ ᠳᠠᠭᠠᠷᠠᠨ᠎ᠠ ᠦᠦ︖ ᠬᠤᠵᠢᠮ ᠳᠠᠭᠠᠨ ᠶᠠᠭᠤ ᠪᠣᠯᠤᠨ᠎ᠠ︖ ᠲ᠋ᠠᠨᠠᠷ ᠢᠯᠡᠭᠦᠭᠡᠨ ᠣᠬᠠᠭᠤᠯᠭ᠎ᠠ ᠭᠢᠵᠤ ᠪᠣᠯᠬᠤ ᠦᠭᠡᠶ ᠦᠦ︖ ᠡᠳᠡᠭᠡᠷ ᠴᠢᠳᠡᠯ ᠥᠭᠡᠢ ᠳᠡᠭᠡᠷ᠎ᠡ ᠪᠠᠨ ᠨᠤᠳᠤᠭ ᠶᠢᠡᠨ ᠬᠠᠢ᠌ᠷᠠᠯᠬᠤ ᠦᠭᠡᠶ ᠬᠤᠪᠢᠡᠴᠢᠷ ᠭᠦᠮᠦᠰ ᠢ ᠶᠠᠭᠤᠨ ᠳᠤ ᠲ᠋ᠠᠷᠤᠭ᠎ᠠ ᠳᠠᠯᠪᠢᠳᠠᠭ ᠶᠤᠮ ᠪᠣᠢ︖ ᠣᠳᠤ ᠰᠤᠷᠭᠠᠭᠤᠯᠢ ᠤᠳ ᠢ ᠨᠡᠢ᠌ᠯᠡᠭᠦᠯᠵᠤ ᠪᠠᠢ᠌ᠨ᠎ᠠ᠂ ᠬᠠᠶᠠᠭᠠᠨ ᠳᠠᠭᠠᠨ ᠪᠠᠢ᠌ᠬᠤ ᠰᠤᠷᠭᠠᠭᠤᠯᠢ ᠳᠤ ᠰᠠᠢ᠌ᠨ ᠰᠤᠷᠬᠤ ᠦᠭᠡᠶ ᠭᠡᠦᠭᠡᠤᠨ ᠬᠤᠰᠢᠭᠤ ᠪᠠᠯᠭᠠᠰᠤ ᠳᠤ ᠣᠴᠢᠭᠠᠤᠨ ᠶᠠᠭᠤ ᠰᠤᠷᠬᠤ ᠪᠤᠢ︖ ᠭᠡᠷ ᠤᠨ ᠶᠢᠡᠨ ᠮᠠᠯ ᠭᠦᠷᠦᠩᠭᠡ ᠶᠢ ᠳᠠᠭᠤᠰᠬᠠᠨ᠎ᠠ᠃ ᠣᠳᠤ ᠮᠠᠨ ᠤ ᠭᠦᠳᠡᠭᠡ ᠶᠢᠨ ᠭᠡᠦᠭᠡᠤᠨ ᠣᠷᠴᠢᠮ ᠤᠨ ᠭᠢᠳᠠᠤᠨ ᠰᠤᠷᠭᠠᠭᠤᠯᠢ ᠳᠤ ᠰᠤᠷᠴᠤ ᠡᠭᠢᠯᠡᠯ᠎ᠡ》 ᠭᠡᠤᠨ ᠡᠪᠦᠭᠡᠨ ᠤ ᠭᠠᠷ ᠨᠢ ᠴᠠᠴᠠᠷᠭᠢᠯᠠᠨ ᠠᠷᠢᠭᠢ ᠶᠢ ᠠᠪᠴᠤ ᠦᠪᠡᠷ ᠤᠨ ᠬᠤᠠᠳᠠᠭ᠎ᠠ ᠳ᠋ᠠᠭᠠᠨ ᠪᠢᠯᠬᠠᠷᠠᠳᠠᠯᠠ ᠳᠦᠭᠦᠷᠭᠡᠵᠤ ᠨᠢᠭᠡᠯᠠ ᠳᠠᠷᠤᠪᠠ᠃ ᠲ᠋ᠠᠷᠠ ᠮᠠᠰᠢ ᠰᠠᠤᠠᠭᠢᠯ ᠭᠦᠳᠡᠯᠤᠨ ᠰᠠᠤᠠᠭᠢᠯ ᠤᠨ ᠭᠦᠨ᠎ᠡ ᠣᠳᠠᠭᠠᠨ ᠬᠠᠳᠠᠭᠠᠯᠠᠭᠰᠠᠨ ᠥᠭᠡ ᠪᠠᠨ ᠪᠦᠭᠦᠳᠡ ᠶᠢ ᠭᠡᠯᠡᠭᠦ ᠪᠠᠷ ᠰᠢᠭᠤᠳᠠᠭᠰᠠᠨ ᠪᠣᠯᠤᠯᠳᠠᠢ᠂ ᠵᠠᠯᠭᠠᠭᠠᠤᠨ᠄ 《ᠨᠠᠳᠠ ᠰᠢᠭ ᠭᠤᠤᠨᠢ ᠪᠠᠶ᠎ᠠ ᠭᠤᠵᠢᠩ ᠳᠤᠯᠤᠭᠠᠢ ᠮᠠᠭᠤ ᠡᠪᠦᠭᠡᠨ ᠢ ᠥᠭᠦᠭᠦ ᠳᠤ᠂ ᠤᠬᠢᠯᠡᠬᠤ ᠭᠦᠮᠤᠨ ᠪᠠᠢ᠌ᠳᠦᠭᠠᠢ᠂ ᠢᠷᠡᠭᠦ ᠭᠦᠮᠤᠨ ᠪᠠᠰᠠ ᠦᠭᠡᠶ ᠶᠤᠮ ᠡ᠃ ᠥᠭᠡᠷ ᠶᠢᠡᠨ ᠰᠢᠭ᠌ ᠡᠪ ᠲᠡᠶ ᠶᠠᠪᠣᠵᠤ ᠴᠢᠳᠠᠬᠤ ᠦᠭᠡᠶ ᠪᠠᠢ᠌ᠨ᠎ᠠ᠃ ᠮᠠᠨᠠᠢ᠌ᠭᠢᠨ》 ᠭᠡᠵᠤ ᠬᠤᠭᠤᠯᠠᠢ ᠪᠠᠨ ᠴᠡᠴᠡᠷᠭᠦᠯᠤᠨ ᠭᠡᠯᠡᠵᠤ᠂ ᠨᠢᠯᠪᠤᠰᠤ ᠪᠠᠨ ᠬᠠᠠᠴᠤᠢ ᠪᠠᠷ ᠶᠢᠡᠨ ᠠᠷᠴᠢᠨ ᠰᠢᠯ ᠲᠡᠶ ᠠᠷᠢᠭᠢ ᠶᠢ ᠠᠪᠤᠨ ᠦᠪᠡᠷ ᠤᠨ ᠬᠤᠠᠳᠠᠭ᠎ᠠ ᠳᠠᠭᠠᠨ ᠨᠡᠮᠡᠭᠦ ᠭᠡᠳᠡᠯ᠎ᠡ ᠡᠡᠬ᠎ᠠ᠄ 《ᠡᠡᠪᠦ ᠡ᠂ ᠪᠤᠤ ᠶᠡᠭᠡ ᠣᠤᠭᠤᠭᠠᠷᠠᠢ᠂ ᠪᠠᠶ᠎ᠠ ᠳᠠᠨᠢ ᠵᠤᠪᠠᠨ᠎ᠠ》 ᠭᠡᠤᠨ ᠰᠢᠯ ᠲ᠋ᠠᠢ ᠠᠷᠢᠭᠢ ᠶᠢ ᠡᠪᠦᠭᠡᠨ ᠤ ᠭᠠᠷ ᠡᠴᠡ ᠠᠪᠣᠨ᠎ᠠ ᠭᠡᠭᠦ ᠳᠤ ᠡᠪᠦᠭᠡᠨ ᠦᠭᠭᠦᠭ᠍ᠰᠡᠨ ᠥᠭᠡᠢ ᠬᠤᠠᠳᠠᠭ᠎ᠠ ᠪᠠᠨ ᠳᠦᠭᠦᠷᠭᠡᠭᠡᠤᠨ ᠵᠢᠭᠠᠬᠠᠨ ᠪᠠᠯᠭᠤᠪᠠ᠃
ᠡᠪᠦᠭᠡᠨ᠄ 《ᠴᠢ ᠪᠣᠤ ᠵᠤᠪᠠ ᠡ᠂ ᠪᠢ ᠰᠤᠭᠳᠤᠬᠤ ᠦᠭᠡᠶ᠂ ᠪᠠᠢ᠌ᠰᠭᠢᠭᠠᠳ ᠥᠭᠡᠷ ᠲᠡᠭᠡᠨ ᠮᠤᠷᠳᠡᠨ᠎ᠡ᠂ ᠲ᠋ᠡᠭᠦᠤ ᠳᠤ ᠴᠢᠨᠢ ᠭᠡᠳᠤᠨ ᠥᠭᠡ ᠭᠡᠯᠶᠡ ᠭᠡᠰᠡᠨ ᠶᠦᠮ᠂ ᠡᠨᠡ ᠭᠦᠤ ᠶᠢ ᠪᠢ ᠪᠠᠭ᠎ᠠ ᠡᠴᠡ ᠨᠢ ᠳᠤᠭᠤᠨ᠎ᠠ᠂ ᠮᠢᠨᠤ ᠭᠡᠯᠡᠭᠦ ᠳᠠᠭᠠᠷᠠᠨ᠎ᠠ ᠦᠦ︖》 ᠭᠡᠵᠤ ᠠᠬ᠎ᠠ ᠡᠴᠡ ᠠᠰᠠᠭᠤᠨ᠎ᠠ᠃ ᠪᠢ᠂ ᠡᠪᠦᠭᠡᠨ ᠤ ᠰᠠᠨᠠᠭ᠎ᠠ ᠶᠢ ᠭᠦᠡᠳᠦᠯᠤᠨ ᠳᠤᠯᠤᠭᠠᠢ ᠳᠤᠭᠢᠭᠰᠠᠨᠠ ᠪᠣᠰᠴᠤ ᠡᠪᠦᠭᠡᠨ ᠳᠤ ᠠᠷᠢᠭᠢ ᠰᠡᠷᠭᠦᠭᠡᠨ ᠭᠦᠨ ᠶᠤᠰᠤ ᠭᠦᠢᠴᠡᠳᠭᠡᠨ ᠪᠠᠷᠢᠪᠡ᠃ ᠡᠪᠦᠭᠡᠨ ᠮᠢᠨᠤ ᠪᠠᠷᠢᠭᠰᠠᠨ ᠠᠷᠢᠭᠢ ᠶᠢ ᠪᠦᠭᠦᠳᠡ ᠶᠢ ᠨᠢ ᠲ᠋ᠠᠷᠤᠵᠤ᠄ 《ᠠᠪᠣ ᠨᠢ ᠬᠠᠮᠢᠭ᠎ᠠ ᠦᠭᠡᠶ᠂ ᠰᠤᠭᠳᠤᠬᠤ ᠦᠭᠡᠶ᠂ ᠶᠡᠭᠤᠮ᠎ᠡ ᠮᠡᠳᠡᠳᠡᠭ᠌ ᠨᠤᠳᠤᠭ ᠤᠨ ᠭᠦᠤ ᠳᠡᠭᠡᠨ ᠰᠠᠤᠠᠭᠢᠯ ᠶᠢᠠᠨ ᠠᠭᠤᠵᠢᠷᠳᠠᠯᠠ ᠶᠠᠷᠢᠨ᠎ᠠ᠃ [ᠴᠡᠭᠡᠯ ᠤᠨ ᠭᠤᠤᠯ ᠤᠨ ᠵᠢᠭᠠᠰᠤ ᠶᠢ ᠰᠡᠷᠡᠭᠡ ᠪᠠᠷ᠂ ᠰᠡᠳᠬᠢᠯ ᠵᠢᠷᠦᠭᠡᠨ ᠤ ᠥᠭᠡ ᠶᠢ ᠰᠢᠯᠳᠤ ᠪᠠᠷ] ᠭᠡᠳᠡᠭ᠌ ᠮᠡᠷᠭᠡᠨ ᠥᠭᠡ ᠪᠠᠢ᠌ᠳᠠᠭ ᠪᠢᠯᠢᠤ᠃ ᠮᠠᠨ ᠤ ᠮᠤᠩᠭ᠋ᠤᠯ ᠭᠦᠮᠤᠨ᠂ ᠥᠭᠡᠷ ᠡᠴᠡ ᠪᠠᠨ ᠰᠤᠷᠬᠤ ᠭᠡᠷᠡᠭ᠍ᠳᠡᠢ᠂ ᠥᠨᠦᠳᠦᠷ ᠲ᠋ᠡᠨᠡᠷ ᠨᠢᠳᠤ ᠪᠠᠷ ᠶᠢᠡᠨ ᠦᠵᠡᠯ᠎ᠠ ᠪᠠ᠂ ᠬᠠᠭᠤᠴᠢ ᠥᠭᠡᠨ ᠳ᠋ᠤ [ᠥᠢᠷ᠎ᠡ ᠪᠠᠢ᠌ᠪᠠᠯ ᠮᠥᠷᠭᠦᠯᠳᠦᠵᠤ᠂ ᠬᠤᠯᠡ ᠶᠡᠪᠦᠪᠠᠯ ᠮᠥᠭᠡᠷᠡᠯᠳᠦᠨ᠎ᠡ] ᠭᠡᠵᠤ ᠥᠭᠡᠷ ᠶᠢᠡᠷ ᠳᠦᠷᠰᠦᠯᠠᠨ ᠠᠬ᠎ᠠ ᠳᠡᠭᠦᠤ ᠶᠢᠨ ᠨᠠᠢ᠌ᠷ ᠵᠢᠷᠤᠮ ᠢ ᠭᠡᠯᠡᠭ᠍ᠰᠡᠨ ᠰᠤᠷᠭᠠᠯ ᠪᠠᠢ᠌ᠳᠠᠭ᠃ ᠮᠡᠨᠡᠢ᠌ᠭᠢᠨ ᠥᠭᠡᠷ ᠵᠢᠡᠨ ᠰᠢᠭ᠌ ᠨᠢᠭᠡᠨ ᠤ ᠪᠠᠨ ᠠᠯᠠᠭᠳᠠᠭᠰᠠᠨ ᠰᠡᠭ᠌ ᠳᠡᠭᠡᠷ᠎ᠡ ᠰᠥᠷᠦᠭ᠌ ᠶᠢᠠᠷ ᠶᠢᠠᠨ ᠢᠷᠠᠵᠤ ᠮᠥᠭᠡᠷᠡᠯᠳᠤᠨ ᠭᠠᠰᠢᠭᠤᠳᠡᠵᠤ᠂ ᠨᠢᠭᠡ ᠨᠢᠭᠡᠨ ᠶᠢᠠᠨ ᠰᠠᠨᠠᠵᠤ ᠬᠠᠢ᠌ᠷᠡᠯᠠᠵᠤ᠂ ᠡᠪ ᠲᠡᠶ ᠪᠦᠯᠭᠦᠮᠳᠡᠯ ᠲᠡᠶ ᠶᠠᠪᠣᠬᠤ ᠭᠡᠷᠡᠭ᠍ᠳᠡᠢ᠃ ᠬᠠᠮᠳᠤ ᠪᠠᠷ ᠵᠢᠡᠨ ᠥᠭᠡᠷ ᠰᠢᠭ᠌ ᠭᠠᠳᠠᠭᠰᠢ ᠪᠠᠨ ᠮᠥᠷᠭᠦᠭᠦ ᠭᠡᠷᠡᠭ᠍ᠳᠡᠢ᠃ ᠲ᠋ᠡᠭᠡᠪᠠᠯ ᠶᠠᠮᠠᠷ ᠴᠤ ᠴᠢᠨ᠋ᠸ᠎ᠠ ᠨᠤᠬᠠᠢ ᠠᠶᠤᠭᠠᠤᠨ ᠬᠠᠯᠳᠠᠵᠤ ᠴᠢᠳᠠᠬᠤ ᠦᠭᠡᠶ᠂ ᠲ᠋ᠤᠷᠤᠮᠵᠢᠯᠠᠵᠤ ᠴᠢᠳᠠᠬᠤ ᠦᠭᠡᠶ᠂ ᠨᠤᠳᠤᠭ ᠪᠠᠯᠴᠢᠭᠡᠷ ᠢ ᠴᠢᠨᠢ ᠡᠵᠡᠯᠡᠵᠤ ᠴᠢᠳᠠᠬᠤ ᠦᠭᠡᠶ ᠰᠢᠤ᠃》 ᠭᠡᠵᠤ ᠡᠷᠡᠰ ᠰᠢᠭᠤᠷᠬᠠᠢ ᠭᠡᠯᠡᠯ᠎ᠡ᠃ ᠪᠢᠳᠡ ᠪᠦᠭᠦᠳᠡᠭᠡᠷ ᠮᠠᠯᠠᠷᠠᠨ᠂ ᠲ᠋ᠠᠭ ᠳᠠᠭᠤ ᠦᠭᠡᠶ ᠰᠠᠭᠤᠨ᠎ᠠ᠃ ᠦᠬᠢᠨ ᠮᠢᠨᠢ᠄ 《ᠡᠪᠦᠭᠡ ᠡ᠂ ᠪᠣᠤ ᠣᠭᠢᠯᠠ ᠡ᠂ ᠪᠣᠤ ᠣᠭᠢᠯᠠ᠂ ᠪᠣᠤ ᠠᠷᠢᠭᠢ ᠤᠤᠭᠤ᠂ ᠰᠤᠭᠳᠦᠨᠡ》 ᠭᠡᠵᠤ ᠠᠷᠭᠠᠳᠠᠨ ᠡᠷᠭᠡᠯᠡᠨ᠎ᠡ᠃ ᠡᠪᠦᠭᠡᠨ ᠡᠡᠪᠦ᠄ 《 ᠦᠭᠡᠶ᠂ ᠡᠪᠦᠭᠡ ᠨᠢ ᠣᠭᠢᠯᠠᠬᠤ ᠦᠭᠡᠶ᠂ ᠲ᠋ᠠᠭᠢᠵᠤ ᠠᠷᠢᠭᠢ ᠤᠤᠭᠤᠬᠤ ᠥᠭᠡᠢ》 ᠭᠡᠤᠨ ᠦᠬᠢᠨ ᠤ ᠮᠢᠨᠢ ᠲ᠋ᠤᠯᠤᠭᠠᠢ ᠶᠢ ᠢᠯᠪᠢᠨ᠎ᠠ᠃ ᠲ᠋ᠠᠷᠠ ᠪᠣᠰᠴᠤ᠄ 《ᠵᠠ᠂ ᠵᠠ᠂ ᠥᠭᠡ ᠤᠯᠡᠨᠳᠡᠵᠤ᠂ ᠥᠭᠡᠷ ᠬᠤᠯᠠᠳᠠᠯ᠎ᠠ᠃ ᠲ᠋ᠠᠨᠠᠷ ᠤᠨ ᠨᠠᠢ᠌ᠷ ᠲᠤ ᠠᠪᠣ ᠨᠢ ᠪᠠᠶᠠᠷᠯᠠᠵᠤ ᠪᠠᠢ᠌ᠨ᠎ᠠ᠂ ᠠᠪᠣ ᠨᠢ ᠰᠠᠢ᠌ᠬᠠᠨ ᠴᠤ ᠣᠤᠭᠤᠯ᠎ᠠ᠂ ᠢᠳᠠᠯ᠎ᠠ᠂ ᠰᠠᠢ᠌ᠬᠠᠨ ᠴᠤ ᠳᠠᠭᠤᠤ ᠭᠦᠭ᠍ᠵᠢᠮ ᠰᠤᠨᠤᠰᠤᠯ᠎ᠠ᠂ ᠮᠢᠨᠤ ᠭᠡᠦᠭᠡᠤᠨ ᠪᠠᠷᠢᠶᠠᠤᠨ ᠪᠦᠷ ᠰᠠᠢ᠌ᠨ ᠣᠯᠤᠰ ᠡ᠂ ᠪᠣᠶᠠᠨ ᠬᠤᠷᠢᠶᠠᠵᠤ ᠪᠠᠢ᠌ᠨ᠎ᠠ ᠰᠢᠤ᠃ ᠵᠨ᠂ ᠠᠪᠣ ᠨᠢ ᠥᠭᠡᠷ ᠲᠡᠭᠡᠨ ᠮᠤᠷᠳᠠᠶ᠎ᠠ᠂ ᠲ᠋ᠠᠨᠠᠷ ᠰᠠᠭᠤᠭᠠᠤᠨ ᠰᠠᠢ᠌ᠬᠠᠨ ᠨᠠᠢ᠌ᠷᠠᠯᠳᠤ ᠡ》 ᠭᠡᠤᠨ ᠡᠪᠦᠷ ᠶᠢᠡᠨ ᠳᠠᠮᠳᠠᠷᠢᠨ ᠨᠢᠭᠡ 《ᠣᠯᠠᠭᠠᠨ ᠮᠠᠤ》 ᠵᠢᠨ ᠵᠠᠭᠤᠳᠤ ᠭᠠᠷᠭᠠᠨ ᠦᠬᠢᠨ ᠳᠤ ᠮᠢᠨᠢ ᠭᠠᠷᠳᠠᠭᠤᠯᠵᠤ 《ᠰᠢᠭᠢᠷ ᠠᠪᠴᠤ ᠢᠳᠡ᠂ ᠪᠢᠴᠢᠭ᠌ ᠰᠠᠢ᠌ᠨ ᠰᠤᠷ ᠡ︕》 ᠭᠡᠤᠨ ᠳᠤᠬᠤ ᠶᠢ ᠨᠢ ᠲ᠋ᠠᠭᠠᠯᠠᠨ ᠮᠤᠷᠢᠨ ᠵᠥᠭ᠌ ᠶᠢᠡᠨ ᠠᠯᠬᠤᠯᠠᠪᠡ᠃ ᠲ᠋ᠡᠭᠦᠨ ᠤ ᠥᠭᠡᠨ ᠳᠤ ᠭᠠᠢ᠌ᠬᠠᠰᠢ ᠪᠣᠯᠤᠭᠰᠠᠨ ᠣᠯᠠᠨ᠂ ᠡᠪᠦᠭᠡᠨ ᠠᠪᠣ ᠶᠢ ᠮᠤᠷᠳᠠᠭᠤᠯᠠᠬᠤ ᠪᠠᠷ ᠮᠤᠩᠭᠢᠨᠠᠵᠤ ᠶᠡᠳᠡᠳᠡᠯᠡ᠂ ᠡᠪᠦᠭᠡᠨ ᠱᠠᠯᠠᠮᠭᠠᠢ᠌ᠬᠠᠨ ᠮᠤᠷᠢᠨ ᠤ ᠪᠠᠨ ᠤᠯᠦᠡᠭ᠌ ᠢ ᠴᠢᠩᠭ᠋ᠠᠯᠠᠨ᠂ ᠮᠤᠬᠤᠷ ᠣᠷᠭ᠎ᠠ ᠪᠠᠨ ᠳᠤᠯᠤᠨ ᠭᠦᠩᠭᠡᠭᠡᠨ ᠮᠤᠷᠳᠠᠨ ᠥᠭᠡᠷ ᠤᠨ ᠰᠥᠷᠦᠭ᠌ ᠵᠥᠭ᠌ ᠶᠢᠡᠨ ᠱᠤᠭᠰᠢᠭᠤᠯᠪᠠ᠁
ᠪᠠᠷᠭᠡᠨ᠄ 《ᠡᠪᠦᠭᠡᠨ ᠭᠦᠭᠡᠷᠦᠭᠦᠢ᠂ ᠪᠠᠶᠠᠷᠯᠠᠭᠠᠳ ᠰᠤᠭᠳᠦᠴᠢᠬᠠᠵᠡᠢ᠂ ᠴᠡᠮᠢ᠋ᠢ ᠥᠵᠡᠭᠡᠤᠨ ᠪᠠᠶᠠᠷᠯᠠᠵᠠᠢ ᠭᠦᠭᠡᠷᠦᠭᠦᠢ᠂ ᠪᠤᠳᠦᠵᠤ ᠶᠠᠪᠣᠭᠰᠠᠨ ᠶᠢᠡᠨ ᠭᠡᠯᠡᠶ᠎ᠡ ᠭᠡᠰᠡᠨ ᠪᠢᠵᠠ᠃ ᠰᠤᠭᠳᠤᠭᠤ ᠭᠦᠮᠤᠨ ᠤ ᠥᠭᠡ ᠭᠡᠵᠤ ᠪᠣᠳᠤᠭᠠᠷᠠᠢ ᠳᠡᠭᠦᠤ ᠮᠢᠨᠢ᠂ ᠰᠠᠢ᠌ᠨ ᠰᠠᠨᠠᠭ᠎ᠠ ᠲᠡᠶ᠂ ᠦᠨᠡᠨ ᠥᠭᠡ ᠶᠠᠷᠢᠳᠠᠭ ᠭᠦᠮᠤᠨ ᠰᠢᠤ᠂ ᠶᠠᠭᠠᠭᠢᠪ︕ ᠵᠨ᠂ ᠵᠨ ᠪᠢᠳᠠ ᠵᠠᠯᠭᠠᠭᠠᠤᠨ ᠨᠠᠷᠭᠢᠶ᠎ᠠ᠂ ᠬᠤᠷᠳᠤᠨ ᠰᠢᠷᠭᠡᠨ ᠳᠡᠭᠡᠨ ᠰᠠᠭᠤᠭᠠᠷᠡᠢ︕》 ᠭᠡᠵᠤ ᠨᠠᠢ᠌ᠷ ᠤᠨ ᠣᠯᠠᠨ ᠢ ᠰᠢᠷᠭᠡᠨᠡ ᠳᠠᠭᠢᠠᠳᠠ ᠵᠠᠯᠠᠨ᠎ᠠ᠃
ᠪᠢ ᠨᠤᠳᠤᠭ ᠤᠨ ᠶᠢᠡᠨ ᠭᠦᠡᠳᠦᠳᠤ ᠡᠪᠦᠭᠡᠨ ᠠᠪᠣ ᠶᠢᠨ ᠡᠡᠷᠤ ᠡᠴᠡ ᠣᠳᠠᠭᠠᠨ ᠬᠠᠷᠠᠵᠤ ᠵᠤᠭᠰᠤᠭᠰᠠᠨᠠ᠂ ᠰᠠᠤᠠᠭᠢᠯ ᠡᠪᠭᠡᠷᠡᠨ᠂ ᠡᠪᠦᠭᠡᠨ ᠠᠪᠣ ᠶᠢᠨ ᠠᠷᠢᠭᠢᠨ ᠰᠢᠷᠡᠭᠡᠨ᠎ᠡ ᠭᠡᠯᠡᠭ᠍ᠰᠡᠨ ᠥᠭᠡᠰ ᠨᠢ ᠲ᠋ᠠᠭᠢᠠᠳᠠ ᠴᠢᠭᠢᠨ᠎ᠠ ᠴᠤᠤᠷᠢᠶᠡᠳᠤᠨ᠂ ᠭᠡᠴᠢᠨᠡᠨ ᠵᠢᠯ ᠪᠢᠴᠢᠭ᠌ ᠡᠷᠳᠡᠮ ᠭᠦᠭᠡᠭᠡᠤᠨ ᠣᠯᠵᠤ ᠰᠤᠷᠤᠭᠰᠠᠨ ᠦᠭᠡᠶ ᠵᠣᠢ᠌ᠯᠠᠰ ᠶᠢᠡᠨ ᠦᠨᠦᠳᠤᠷ ᠣᠯᠵᠤ ᠮᠡᠳᠡᠭ᠍ᠰᠡᠨ ᠰᠢᠭ᠌ ᠰᠠᠨᠠᠭᠳᠠᠪᠠ᠃ ᠪᠢᠳᠠ ᠳᠠᠪᠤᠨ ᠬᠤᠰᠢᠭᠤ ᠮᠠᠯ ᠤᠨ ᠶᠢᠡᠨ ᠠᠰᠢᠭ ᠰᠢᠮ᠎ᠡ ᠶᠢ ᠭᠦᠷᠳᠡᠨ᠂ ᠮᠢᠬ᠎ᠠ ᠰᠦ᠋ ᠶᠢ ᠨᠢ ᠢᠳᠠᠵᠤ ᠣᠤᠭᠤᠵᠤ ᠪᠠᠢ᠌ᠳᠠᠯ᠎ᠠ ᠪᠠᠨ ᠳᠠᠪᠤᠨ ᠬᠤᠰᠢᠭᠤ ᠮᠠᠯ ᠮᠡᠨᠢ᠂ ᠡᠵᠡᠨ ᠪᠣᠯᠤᠨ ᠰᠥᠷᠦᠭ᠌ ᠲᠡᠭᠡᠨ ᠶᠠᠮᠠᠷ ᠵᠡᠷᠭᠡ ᠶᠢᠨ ᠮᠦᠰᠤ ᠲᠡᠶ ᠪᠠᠢ᠌ᠳᠠᠭ ᠢ ᠨᠢ ᠣᠴᠢᠷᠯᠠᠵᠤ ᠣᠢ᠌ᠯᠠᠭᠠᠬᠤ ᠦᠭᠡᠶ ᠯᠠ ᠶᠠᠪᠣᠵᠤ ᠳ᠋ᠡ᠂ ᠭᠦᠭᠡᠷᠦᠭᠦᠢ ᠣᠢ᠌ᠮᠤᠷᠠᠭᠠ ᠳᠠᠷᠢᠭᠢ ᠤᠳ ᠮᠢᠨᠢ︕
ᠪᠢ ᠶᠠᠮᠠᠷ ᠨᠢᠭᠡᠨ ᠵᠣᠢ᠌ᠯ ᠳᠤ ᠶᠡᠭᠡ ᠥᠷᠢᠳᠤᠭ᠍ᠰᠡᠨ ᠮᠡᠳᠤ ᠶᠡᠭᠡᠯ᠎ᠡ ᠢᠴᠢᠩᠭᠦᠷᠡᠯ ᠭᠦᠷᠴᠤ᠂ ᠨᠡᠢ᠌ᠷ ᠤᠨ ᠰᠢᠷᠭᠡᠨᠡ ᠳᠠᠭᠢᠨ ᠰᠠᠭᠤᠵᠤ ᠨᠠᠷᠭᠢᠬᠤ ᠰᠠᠤᠠᠭᠢᠯ ᠠᠯᠳᠠᠷᠠᠨ ᠥᠭᠡᠷ ᠤᠳ ᠮᠥᠭᠡᠷᠡᠯᠳᠦᠵᠤ ᠪᠠᠢ᠌ᠭᠰᠠᠨ ᠰᠡᠭ᠌ ᠤᠨ ᠵᠥᠭ᠌ ᠲᠤ ᠦᠪᠡᠷ ᠤᠨ ᠡᠷᠭᠡ ᠦᠭᠡᠶ ᠠᠯᠬᠤᠯᠠᠪᠠ᠁
(2000 ᠣᠨ ᠳᠤ 《ᠭᠦᠯᠤᠨ ᠪᠣᠢ᠌ᠷ ᠰᠤᠨᠢᠨ》 ᠳ᠋ᠤ ᠨᠡᠢ᠌ᠳᠡᠯᠡᠭ᠍ᠰᠡᠨ ᠵᠤᠬᠢᠶᠠᠯ ᠶᠢᠡᠨ ᠵᠠᠰᠠᠨ ᠨᠠᠢ᠌ᠳᠠᠯᠠᠪᠠ᠃)
ᠵᠤᠬᠢᠶᠠᠭᠴᠢ᠄ ᠥᠭᠡᠯᠡᠳ ᠭᠠᠯᠳᠠᠨ
ᠢᠷᠡᠯᠲᠡ᠄ ᠥᠭᠡᠯᠡᠳ ᠭᠠᠯᠳᠠᠨ
ᠬᠠᠷᠢᠶ᠎ᠠ᠄
ᠥᠭᠥᠯᠡᠯᠭᠡᠳᠠᠷᠤᠮ᠄ 9231
ᠴᠠᠭ᠄ 2007 ᠤᠨ ᠤ 03 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ