☆ ᠰ·ᠮᠥᠩᠭᠡᠨᠡᠷᠡᠰᠤ
ᠰᠢᠯᠦᠭ᠌ ᠮᠢᠨᠢ᠂ ᠪᠢ ᠭᠤᠨᠢᠵᠤ ᠪᠠᠢ᠌ᠨ᠎ᠠ
ᠵᠠᠯ᠎ᠠ ᠳᠠᠳᠠᠨ ᠰᠢᠪᠠᠭᠤᠳ ᠪᠣᠴᠠᠯ᠎ᠠ
ᠡᠭᠦᠯᠡᠰ ᠤᠨ ᠨᠠᠮᠠᠭᠠᠨ ᠳᠤ ᠰᠡᠭᠦᠳᠡᠷ ᠨᠢ ᠦᠯᠡᠳᠡᠭ᠍ᠰᠡᠨ ᠥᠭᠡᠢ
ᠠᠭᠤᠯᠠᠰ ᠤᠨ ᠣᠷᠭᠢᠯ ᠳᠤ ᠪᠠᠷ᠎ᠠ ᠨᠢ ᠳᠤᠭᠳᠠᠭᠰᠠᠨ ᠥᠭᠡᠢ
ᠣᠰᠤᠨ ᠤ ᠠᠷ ᠢ ᠳᠠᠭᠠᠯᠠᠨ ᠢᠯᠪᠢᠭ᠍ᠰᠡᠨ ᠠᠯᠳᠠᠨ ᠵᠢᠭᠦᠷ ᠨᠢ
ᠬᠤᠯᠠ ᠶᠢᠨ ᠬᠤᠯᠠ ᠳᠤ᠁
ᠠᠯᠳᠠᠨ ᠵᠢᠭᠦᠷ ᠲᠤ ᠨᠢ ᠮᠦᠷᠦᠭᠡᠳᠦᠯ ᠶᠢᠡᠨ ᠬᠠᠶᠢᠭᠯᠠᠵᠤ ᠮᠢᠨᠤ ᠭᠤᠨᠢᠭ
ᠠᠯᠤᠰ ᠤᠨ ᠠᠯᠤᠰ ᠲᠤ᠁
ᠨᠠᠮ᠎ᠠ ᠶᠢ ᠣᠢ᠌ᠯᠠᠭᠠᠭᠠᠴᠢ ᠭᠡᠵᠤ ᠭᠡᠨ ᠨᠢᠭᠡᠨ ᠳᠤ ᠪᠢ ᠭᠤᠶᠤᠬᠤ ᠥᠭᠡᠢ
ᠨᠢᠯᠪᠣᠰᠤ ᠮᠢᠨᠢ᠂ ᠪᠢ ᠴᠢᠮ᠎ᠠ ᠶᠢ ᠪᠢᠳᠡᠭᠡᠢ ᠣᠷᠤᠰ ᠭᠡᠵᠤ ᠬᠤᠷᠢᠭᠯᠠᠬᠤ ᠥᠭᠡᠢ
ᠵᠢᠷᠦᠭᠡᠨ ᠤ ᠮᠢᠨᠢ ᠭᠦᠨ ᠡᠴᠠ ᠬᠠᠢ᠌ᠯᠵᠤ ᠣᠷᠤᠰᠤᠭᠰᠠᠨ ᠮᠦᠷ ᠢ ᠪᠠᠯᠠᠯᠬᠤ ᠥᠭᠡᠢ
ᠰᠢᠷᠬ᠎ᠠ ᠮᠢᠨᠢ ᠭᠡᠵᠢᠶᠡᠳᠡ ᠠᠨᠠᠬᠤ ᠥᠭᠡᠢ
ᠰᠢᠯᠦᠭ᠌ ᠮᠢᠨᠢ᠂ ᠪᠢ ᠭᠤᠨᠢᠵᠤ ᠪᠠᠢ᠌ᠨ᠎ᠠ
ᠰᠡᠳᠭᠢᠯ ᠤᠨ ᠡᠮᠵᠡᠭ᠌ ᠬᠤᠷᠤᠮ ᠶᠢᠡᠨ ᠪᠢ ᠴᠢᠮᠠᠳᠤ ᠪᠠᠨ ᠯᠠ ᠶᠠᠷᠢᠵᠤ ᠪᠠᠢ᠌ᠨ᠎ᠠ
ᠳᠡᠩᠳᠡᠭᠦᠤ ᠰᠠᠨᠠᠬᠤ ᠶᠢᠨ ᠵᠤᠪᠠᠨᠢᠯ ᠶᠢᠡᠷ
ᠳᠠᠩᠰᠠᠯᠵᠤ ᠭᠠᠭᠴᠠᠭᠠᠷᠳᠠᠬᠤ ᠶᠢᠨ ᠊ᠭ᠍ᠱᠡᠨ
ᠵᠢᠷᠦᠭᠡᠨ ᠤ ᠪᠠᠨ ᠱᠤᠭᠰᠢᠳᠠᠯ᠎ᠠ ᠣᠭᠢᠯᠠᠬᠤ ᠠᠨᠢᠷ ᠢ ᠪᠢ ᠳᠤᠭᠤᠯᠤᠨ᠎ᠠ
ᠵᠡᠭᠦᠳᠤᠨ ᠤ ᠪᠠᠨ ᠮᠡᠭ᠍ᠰᠢᠳᠡᠯᠡ ᠣᠭᠢᠯᠠᠬᠤ ᠴᠢᠮᠡᠭᠡᠨ ᠳᠤ ᠪᠢ ᠰᠤᠴᠢᠨ ᠰᠠᠷᠢᠨ᠎ᠡ
ᠠᠮᠠᠷᠠᠭ ᠮᠢᠨᠢ᠂ ᠬᠠᠵᠠᠭᠤ ᠳᠤ ᠮᠢᠨᠢ ᠴᠢ ᠪᠠᠢ᠌ᠭ᠎ᠠ ᠥᠭᠡᠢ
ᠠᠯᠳᠠᠨ ᠡᠴᠠ ᠴᠤ ᠬᠤᠪᠣᠷᠬᠠᠨ ᠵᠢᠷᠭᠠᠯ ᠮᠢᠨᠢ ᠮᠥᠩᠭᠡ ᠶᠢᠨ ᠪᠠᠢ᠌ᠭ᠎ᠠ ᠥᠭᠡᠢ
ᠨᠢᠳᠤ ᠴᠢᠨᠢ ᠭᠦᠷᠳᠡᠯ᠎ᠡ ᠨᠠᠳᠠᠳᠤ ᠬᠠᠢ᠌ᠷᠠᠳᠠᠢ ᠭᠡᠵᠤ ᠰᠢᠪᠠᠨᠡᠭ᠍ᠰᠡᠨ ᠬᠤᠷᠤᠮ ᠶᠢᠡᠨ ᠪᠢ ᠥᠭᠡᠢ᠌ᠯᠡᠨ᠎ᠡ
ᠥᠭᠡᠢ᠌ᠯᠡᠨ ᠰᠠᠨᠠᠬᠤ ᠳᠤ ᠪᠠᠨ ᠪᠢ
ᠥᠩᠭᠡᠷᠡᠭᠦ ᠴᠠᠭ ᠤᠨ ᠦᠷᠡᠭ᠍ᠳᠡᠯ ᠪᠣᠯᠵᠤ ᠣᠳᠤᠭᠰᠠᠨ
ᠳᠤᠭᠳᠤᠯᠤᠯ ᠪᠦᠭᠦᠨ ᠶᠢᠡᠨ ᠵᠢᠷᠦᠭᠡᠨ ᠳᠠᠯ᠎ᠠ ᠡᠴᠠ ᠪᠠᠨ ᠳᠠᠮᠳᠠᠷᠢᠨᠡ
ᠭᠦᠡᠳᠡᠢ᠌ᠭᠡᠨ ᠁
ᠣᠷᠤᠭᠤᠯ ᠤᠨ ᠴᠢᠨᠢ ᠴᠠᠴᠠᠷᠠᠯ ᠰᠠᠠᠴᠢᠭ ᠢᠷᠪᠢᠭᠢᠨᠡᠭᠦᠯᠵᠤ
ᠵᠢᠷᠦᠭᠡ ᠴᠢᠨᠢ ᠠᠯᠠᠭᠠᠨ ᠳᠡᠭᠡᠷ᠎ᠡ ᠳᠦᠭ᠍ᠰᠢᠩᠭᠡᠨ ᠪᠠᠢ᠌ᠭᠰᠠᠨ
ᠬᠠᠯᠠᠭᠤᠨ ᠳᠠᠪᠠᠷᠢᠯᠳᠠ ᠭᠦᠡᠳᠡᠢ᠌ᠭᠡᠨ ᠡ ᠁
2010.9.4
ᠵᠤᠬᠢᠶᠠᠭᠴᠢ ᠶᠢᠨ ᠬᠠᠶᠢᠭ᠄ ᠪᠠᠭᠠᠷᠢᠨ ᠪᠠᠷᠠᠭᠤᠨ ᠬᠤᠰᠢᠭᠤᠨ ᠤ ᠰᠢᠪᠠᠷᠳᠠᠢ ᠭᠤᠤᠯ ᠪᠠᠭ᠎ᠠ ᠰᠤᠷᠭᠠᠭᠤᠯᠢ
ᠵᠤᠬᠢᠶᠠᠭᠴᠢ᠄ ᠰ·ᠮᠥᠩᠭᠡᠨᠡᠷᠡᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2635
ᠴᠠᠭ᠄ 2010 ᠤᠨ ᠤ 09 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ