ᠨᠡᠪᠲᠡᠷᠡᠨ ᠤᠷᠤᠬᠤ
ᠳᠦᠷᠢᠮᠡᠭᠡᠢ ᠬᠠᠢ᠌ᠷ᠎ᠠ

ᠰᠥᠦᠳᠡᠭᠡᠷ ᠰᠥᠦᠳᠡᠭᠡᠷ ᠠᠯᠤᠰ ᠤᠨ ᠠᠭᠤᠯᠠᠰ ᠬᠠᠷᠠᠩᠭ᠋ᠤᠢ ᠳᠤ ᠨᠠᠳᠤᠯᠵᠠᠨ᠎ᠡ

ᠰᠥᠮᠡᠭᠡᠷ ᠰᠥᠮᠡᠭᠡᠷ ᠣᠳᠤᠳ ᠤᠨ ᠭᠡᠭᠡ ᠣᠠᠳᠠᠭᠰᠠᠨ ᠢᠠᠵᠠᠭ᠎ᠠ ᠶᠢ ᠳᠠᠭᠠᠯᠠᠨ᠎ᠠ

ᠰᠦᠷᠦᠭ᠌ ᠰᠦᠷᠦᠭ᠌ ᠬᠤᠨᠢᠳ ᠪᠠᠯᠴᠢᠭᠡᠷ ᠲᠡᠭᠡᠨ ᠠᠢ᠌ᠵᠠᠮᠳᠠᠢ᠌ᠬᠠᠨ ᠭᠡᠪᠢᠨ᠎ᠡ

ᠰᠥᠭᠦ ᠰᠥᠭᠦ ᠳᠡᠮᠡᠭᠡᠳ ᠨᠢ ᠳᠠᠯ᠎ᠠ ᠪᠠᠨ ᠨᠦᠮᠦᠷᠢᠯᠠᠨ ᠳᠤᠭᠵᠢᠷᠠᠨ᠎ᠠ

ᠰᠦᠨ ᠰᠠᠷᠠᠨ ᠤ ᠭᠡᠭᠡ ᠶᠢ ᠰᠡᠮᠭᠡᠨ ᠰᠡᠮᠭᠡᠨ ᠭᠢᠰᠭᠢᠯᠡᠭ᠍ᠰᠡᠭᠡᠷ ᠴᠢᠮ᠎ᠠ ᠳᠡᠭᠡᠷ᠎ᠡ ᠪᠢ ᠣᠴᠢᠨ᠎ᠠ

ᠰᠦᠨᠢ ᠶᠢᠨ ᠠᠮᠳᠠᠷᠬᠠᠨ ᠵᠡᠭᠦᠳᠤᠨ ᠤ ᠴᠢᠨᠢ ᠡᠮᠵᠡᠭ᠌ ᠬᠠᠷᠠᠩᠭ᠋ᠤᠢ ᠶᠢ ᠭᠡᠢ᠌ᠭᠦᠯᠤᠨ᠎ᠡ

ᠰᠥᠵᠢᠭᠯᠡᠨ ᠰᠥᠭᠦᠷᠡᠭᠦ ᠳᠠᠯᠳᠠ ᠶᠢᠨ ᠨᠢᠭᠡᠨ ᠭᠦᠴᠤ

ᠰᠦᠷᠳᠠᠰᠢ ᠦᠭᠡᠶ ᠠᠷᠢᠭᠤᠨ ᠪᠦᠭᠦᠨ ᠤ ᠴᠢᠨᠢ ᠵᠥᠭ᠌ ᠳᠡᠮᠡᠤᠯᠡᠭᠦᠯᠤᠨ᠎ᠡ

ᠰᠡᠭᠦᠷᠡᠰᠤᠨ ᠳᠤ ᠴᠢᠨᠢ ᠴᠠᠷᠴᠠᠭᠰᠠᠨ ᠠᠭᠠᠷ ᠢ ᠠᠯᠠᠭᠠᠨ ᠤ ᠪᠠᠨ ᠢᠯᠴᠢ ᠪᠠᠷ ᠬᠠᠢ᠌ᠯᠤᠭᠤᠯᠵᠤ

ᠪᠣᠳᠤᠯ ᠤᠨ ᠮᠠᠠᠳᠠᠯ ᠳᠤ ᠴᠢᠨᠢ ᠰᠠᠷᠭᠠᠢ ᠣᠯᠠᠭᠠᠨ ᠵᠡᠭᠦᠳᠤᠨ ᠡᠷᠭᠦᠵᠤ ᠳᠤᠨᠢᠷᠬᠠᠨ᠎ᠠ

ᠠᠶᠠᠰ ᠵᠢᠷᠭᠠᠬᠤ ᠳᠤ ᠳᠠᠰᠤᠷᠠᠭᠰᠠᠨ ᠭᠦᠭ᠍ᠵᠢᠮ ᠤᠨ ᠴᠢᠨᠢ ᠶᠤᠩᠬᠤᠷ ᠢ ᠵᠠᠯᠭᠠᠵᠤ

ᠵᠢᠷᠦᠭᠡᠨ ᠤ ᠴᠢᠨᠢ ᠰᠡᠮᠡᠷᠭᠡᠢ ᠶᠢ ᠨᠥᠭᠦᠵᠤ ᠬᠠᠢ᠌ᠷ᠎ᠠ ᠶᠢᠨ ᠪᠦᠮᠪᠦᠭᠡᠯᠢᠭ᠌ ᠵᠣᠢ᠌ᠨ᠎ᠡ

ᠵᠠᠭᠤᠨ ᠰᠢᠯᠦᠭ᠌ ᠤᠨ ᠠᠠᠳᠠᠭᠠᠢ ᠣᠳᠤᠳ ᠤᠨ ᠳᠤᠤᠷ᠎ᠠ ᠮᠢᠰᠢᠯᠵᠠᠨ᠎ᠡ

ᠨᠢᠭᠡᠯᠡ ᠪᠠᠳᠠᠭ ᠲᠤ ᠨᠢ ᠣᠨᠠᠴᠢᠬᠠᠭᠰᠠᠨ ᠳᠤᠷᠠᠯᠠᠯ ᠤᠨ ᠬᠤᠷᠤᠭᠤᠳ ᠴᠠᠴᠠᠷᠠᠰᠭᠢᠨ᠎ᠡ

ᠪᠣᠯᠤᠷ ᠨᠢᠳᠤᠨ ᠤ ᠰᠤᠷᠮᠤᠤᠰᠤ ᠦᠨᠦᠰᠤᠨ ᠬᠠᠴᠠᠷ ᠬᠠᠯᠠᠭᠤ ᠳᠦᠭᠡᠨᠡᠰᠭᠢᠨ᠎ᠡ

ᠪᠣᠯᠢᠭᠠᠴᠢ ᠪᠣᠯᠢᠭᠠᠴᠢ ᠢᠴᠢᠩᠭᠡᠨ ᠰᠠᠷᠠᠨ ᠤ ᠣᠷᠭᠢᠭᠤᠯ ᠨᠠᠮᠠᠰᠭᠢᠨ᠎ᠡ

ᠳᠤᠯᠭᠢᠶ᠎ᠠ ᠬᠠᠷᠠᠬᠠᠨ ᠭᠡᠵᠢᠭᠡ ᠬᠤᠷᠤᠭᠤᠨ ᠤ ᠴᠢᠨᠢ ᠵᠠᠪᠰᠠᠷ ᠶᠢᠡᠷ ᠣᠷᠤᠰᠤᠨ᠎ᠠ

ᠳᠠᠭᠤᠰᠤᠭᠰᠠᠨ ᠭᠦᠯᠢᠶᠡᠯᠳᠡ ᠶᠢᠨ ᠬᠤᠷᠤᠮ ᠴᠤᠯᠭᠢᠨ ᠢᠨᠢᠶᠠᠳᠤᠨ ᠳᠤ ᠠᠭᠤᠰᠤᠨ᠎ᠠ ᠁


                           2012-03-01


ᠵᠤᠬᠢᠶᠠᠭᠴᠢ ᠶᠢᠨ ᠬᠠ‍‌ᠶᠢᠭ ᠄ ᠣᠯᠠᠭᠠᠠᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤᠨ ᠤ ᠰᠢᠪᠠᠷᠳᠠᠢ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠰ·ᠮᠥᠩᠭᠡᠨᠡᠷᠡᠰᠤ
ᠢᠷᠡᠯᠲᠡ᠄ ᠳᠠᠭᠢᠨᠢᠨᠠᠭᠤᠷ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2639
ᠴᠠᠭ᠄ 2012 ᠤᠨ ᠤ 06 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ