☆ ᠰᠠ᠊·ᠵᠠᠮᠢᠶᠠᠨ
ᠭᠦᠨ ᠣᠬᠠᠭᠠᠨ ᠪᠣᠶᠤ ᠡᠨᠡ ᠳᠠᠷᠠ
ᠦᠳᠡᠰᠢ ᠪᠣᠯᠭᠠᠨ ᠨᠣᠢ᠌ᠷ ᠬᠤᠯᠵᠢᠬᠤ
ᠦᠷ ᠴᠠᠢ᠌ᠬᠤ ᠪᠠᠷ ᠨᠢᠭᠡ ᠳᠤᠭᠵᠢᠷᠠᠵᠤ ᠠᠪᠬᠤ
ᠵᠡᠭᠦᠳᠤ ᠬᠠᠮᠤᠭ ᠰᠠᠢ᠌ᠬᠠᠨ ᠭᠠᠵᠠᠷ ᠶᠢᠡᠨ ᠭᠦᠷᠭᠦ ᠦᠶ᠎ᠡ
ᠵᠠᠪᠰᠢᠶᠠᠨ ᠪᠣᠰᠤ ᠪᠠᠷ ᠵᠠᠮᠬᠠᠷᠠᠨ ᠤᠳᠬᠤ᠃
ᠳᠤᠷᠠᠰᠤᠯ ᠳᠤ ᠪᠣᠴᠠᠬᠤ ᠪᠣᠶᠤ
ᠳᠤᠷ᠎ᠠ ᠶᠢᠨ ᠨᠢᠭᠡ ᠮᠦᠴᠡ ᠳᠤ ᠣᠳᠠᠰᠤ ᠨᠡᠪᠳᠡᠷᠡᠭᠦ
ᠭᠡᠭᠡᠪᠴᠢ ᠪᠠᠷ ᠭᠡᠷᠡᠯ ᠬᠠᠷᠠᠭᠰᠠᠨ ᠰᠢᠭ
ᠭᠡᠨᠡᠨ ᠴᠠᠭᠠᠨ ᠬᠠᠢ᠌ᠷ᠎ᠠ ᠣᠴᠢᠯᠠᠨ ᠥᠩᠭᠡᠷᠡᠭᠦ᠃
ᠪᠣᠷᠤᠭᠠᠨ ᠦᠭᠡᠶ ᠡᠳᠦᠷ ᠦᠳ ᠭᠢᠭᠡᠳ
ᠪᠣᠷᠴᠠᠭ ᠳᠠᠷᠢᠬᠤ ᠣᠯᠠᠷᠢᠯ
ᠪᠣᠴᠠᠵᠤ ᠢᠷᠡᠭᠦ ᠦᠭᠡᠶ ᠣᠨ ᠰᠠᠷ᠎ᠠ
ᠪᠣᠯᠠᠰᠢᠯᠠᠵᠤ ᠳᠡᠢ᠌ᠯᠭᠦ ᠦᠭᠡᠶ ᠦᠵᠡᠯ ᠰᠠᠨᠠᠭ᠎ᠠ᠃
ᠰᠠᠯᠭᠢᠨ ᠤ ᠴᠢᠭᠯᠡᠯ ᠢ
ᠴᠠᠠᠭ ᠠᠭᠤᠷ ᠮᠡᠳᠡᠭᠡᠯᠡᠵᠤ ᠵᠠᠪᠳᠤᠬᠤ ᠦᠭᠡᠶ ᠴᠤ
ᠰᠠᠶᠢᠬᠠᠨ ᠥᠩᠭᠡᠷᠡᠭ᠍ᠰᠡᠨ ᠳᠤᠯᠠᠭᠠᠨ ᠤ ᠭᠡᠮᠵᠢᠶ᠎ᠡ ᠵᠢ
ᠭᠠᠵᠠᠷ ᠰᠢᠷᠤᠢ ᠴᠡᠭᠡᠵᠢᠯᠡᠵᠤ ᠠᠮᠵᠢᠬᠤ᠃
ᠵᠠᠮ ᠶᠢᠡᠷ ᠣᠯᠠᠩᠭᠢ ᠳᠤ ᠪᠠᠨ
ᠳᠠᠨᠢᠬᠤ ᠦᠭᠡᠶ ᠭᠦᠮᠤᠨ ᠵᠤᠭᠤᠭ ᠦᠭᠡᠶ ᠥᠩᠭᠡᠷᠡᠭᠦ
ᠵᠠᠬ᠎ᠠ ᠳᠡᠭᠡᠷ᠎ᠡ ᠬᠠᠷᠢᠨ
ᠵᠠᠭᠠᠮ᠎ᠠ ᠦᠭᠡᠶ ᠢᠨᠢᠶᠠᠳᠤ ᠪᠠᠯᠡᠭᠡᠨ ᠣᠭᠳᠤᠬᠤ᠃
ᠦᠨ᠎ᠡ ᠬᠠᠶᠠᠯᠴᠠᠬᠤ
ᠦᠷᠢ ᠨᠡᠭᠡᠯᠴᠡᠭᠦ
ᠥᠩᠭᠡᠷᠡᠭ᠍ᠰᠡᠨ ᠪᠠ ᠣᠳᠤ
ᠡᠭᠦᠯᠡ ᠨᠡᠭᠦᠭᠦ ᠰᠢᠭ᠌ ᠥᠩᠭᠡᠷᠡᠨ ᠤᠳᠬᠤ᠃
ᠭᠡᠷᠡᠮ ᠨᠤᠷᠠᠬᠤ ᠦᠭᠡᠶ ᠪᠣᠯ ᠪᠢᠳᠠ ᠳᠠᠪᠠᠬᠤ ᠥᠭᠡᠢ
ᠭᠡᠰᠡᠭ᠌ ᠭᠡᠰᠡᠭ᠌ ᠡᠭᠦᠳᠡ ᠵᠤᠷᠭᠤᠪᠠᠴᠤ
ᠭᠡᠵᠢᠶ᠎ᠡ ᠡᠭᠦᠷᠢᠳᠡ ᠳᠦᠷᠢᠮᠡᠭᠡᠢ᠌ᠯᠡᠵᠤ ᠴᠢᠳᠠᠬᠤ ᠥᠭᠡᠢ
ᠭᠡᠨ ᠴᠤ ᠮᠠᠳᠠᠵᠤ ᠪᠣᠯᠬᠤ ᠭᠦᠨ ᠣᠬᠠᠭᠠᠨ᠃
[ ᠬᠤᠷᠢ ᠭᠠᠷᠤᠢ ᠵᠢᠯ ᠤᠨ ᠡᠮᠦᠨᠡᠭᠢ
ᠳᠠᠰᠤᠭ ᠪᠣᠰᠤᠭ ᠪᠣᠳᠤᠯ ]
ᠵᠤᠬᠢᠶᠠᠭᠴᠢ ᠶᠢᠨ ᠬᠠᠶᠢᠭ ᠄ ᠦᠪᠣᠷ ᠮᠤᠩᠭ᠋ᠤᠯ ᠠᠷᠤ ᠬᠤᠷᠴᠢᠨ
ᠵᠤᠬᠢᠶᠠᠭᠴᠢ᠄ ᠰᠠ᠊·ᠵᠠᠮᠢᠶᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2648
ᠴᠠᠭ᠄ 2011 ᠤᠨ ᠤ 12 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ