ᠨᠡᠪᠲᠡᠷᠡᠨ ᠤᠷᠤᠬᠤ
ᠰᠠᠨᠠᠭ᠎ᠠ ᠪᠠᠢ᠌ᠪᠠᠯ ᠣᠨᠤᠭ᠎ᠠ ᠡᠷᠢᠶ᠎ᠡ

《ᠰᠠᠨᠠᠭ᠎ᠠ ᠪᠠᠢ᠌ᠪᠠᠴᠤ ᠣᠨᠤᠭ᠎ᠠ ᠦᠭᠡᠶ》 ᠭᠡᠭᠦ ᠰᠠᠭᠠᠷ ᠮᠠᠭᠤ ᠥᠭᠡ ᠶᠢ ᠮᠠᠨᠠᠢ᠌ᠭᠢᠨ ᠭᠡᠵᠢᠶ᠎ᠡ ᠡᠴᠠ ᠶᠤᠮ ᠪᠣᠯ ᠰᠠᠭᠠᠷ ᠦᠭᠡᠶ ᠪᠠᠯᠠᠨ ᠭᠦᠯᠦᠭᠯᠡᠳᠡᠭ᠌ ᠪᠣᠯᠤᠭᠰᠠᠨ ᠢ ᠶᠠᠭᠠᠭᠢᠨ᠎ᠡ᠃ 《ᠣᠨᠤᠭ᠎ᠠ ᠦᠭᠡᠶ》 ᠭᠡᠭᠦ ᠡᠴᠠ ᠪᠠᠰᠠ ᠭᠡᠴᠡᠭᠦᠤ ᠶᠤᠮ᠂ ᠡᠨᠡ ᠥᠭᠡ ᠬᠠᠷᠢᠨ 《ᠣᠨᠤᠭ᠎ᠠ ᠦᠭᠡᠶ》 ᠣᠳᠠᠭᠠᠨ ᠪᠢᠰᠢ᠂ ᠡᠭᠡᠭᠡ ᠰᠠᠯᠭᠢᠨ ᠵᠢᠭᠦᠷ ᠲᠡᠶ ᠯᠠ ᠰᠢᠭ᠌ ᠳᠠᠷᠪᠠᠵᠤ᠂ ᠮᠠᠯᠴᠢᠨ ᠳᠠᠷᠢᠶᠠᠴᠢᠨ᠂ ᠮᠤᠷᠢᠳᠠᠢ ᠶᠠᠪᠠᠭᠠᠨ ᠭᠦᠮᠤᠨ ᠤ ᠣᠶᠤᠨ ᠰᠡᠳᠭᠢᠯ ᠳᠤᠮᠳᠠᠭᠤᠷ᠂ ᠴᠢᠨᠠᠭᠰᠢᠯᠠᠨ ᠣᠶᠤᠳᠠᠨ ᠰᠡᠭᠡᠭᠡᠳᠡᠨ ᠵᠠᠯᠠᠭᠤᠴᠤᠳ ᠤᠨ ᠠᠮᠠ ᠪᠠᠷ ᠴᠤ ᠠᠷᠢᠭᠢ ᠳᠠᠮᠠᠭᠢᠨ ᠤ ᠦᠨᠦᠷ ᠰᠡᠩᠭᠢᠨᠡᠭᠦᠯᠴᠢᠭᠡᠭ᠍ᠰᠡᠨ ᠭᠡᠢ᠌ᠰᠴᠤ ᠨᠢᠰᠴᠤ ᠭᠠᠷᠳᠠᠭ ᠢ ᠨᠢ ᠶᠠᠭᠠᠭᠢᠨ᠎ᠠ᠂ ᠭᠡᠷᠡᠭ᠌ ᠰᠢᠯᠳᠠᠭ ᠪᠣᠯᠳᠠᠭ ᠢ ᠨᠢ ᠶᠠᠭᠠᠭᠢᠨ᠎ᠠ᠃ ᠡᠨᠡ ᠴᠢᠨᠢ ᠶᠠᠭᠤ ᠭᠡᠰᠡᠨ ᠥᠭᠡ ᠶᠤᠮ ᠪᠣᠢ︖ ᠡᠨᠡ ᠴᠢᠨᠢ ᠵᠤᠷᠢᠯᠳᠠ ᠪᠠᠢ᠌ᠪᠠᠴᠤ ᠵᠤᠷᠢᠭ ᠦᠭᠡᠶ ᠭᠡᠰᠡᠨ ᠵᠢᠪᠬᠤᠭ᠎ᠠ ᠠᠯᠳᠠᠭᠰᠠᠨ ᠳᠤᠷᠤᠢ ᠥᠭᠡ᠃ 《ᠪᠠᠢ᠌ᠯᠳᠤᠬᠤ ᠦᠭᠡᠶ︕ ᠪᠠᠭᠤᠵᠤ ᠦᠭ‍ᠭᠦᠨ᠎ᠡ》 ᠭᠡᠰᠡᠨ ᠪᠢᠯᠳᠤᠤᠴᠢ᠂ ᠪᠣᠭᠤᠯᠴᠢ ᠰᠥᠭᠦᠳᠦᠭᠡ ᠦᠭᠡᠶ︕ ᠪᠣᠰᠤᠭ᠎ᠠ ᠮᠤᠩᠭ᠋ᠤᠯ ᠥᠭᠡᠰ ᠤᠨ ᠮᠢᠨᠢ ᠰᠦᠷᠦᠭ᠌ ᠲᠤ ᠭᠡᠪᠳᠡᠭᠡ ᠨᠠᠵᠠᠭᠠᠢ ᠡᠢ᠌ᠮᠤ ᠥᠭᠡ ᠭᠡᠵᠢᠶ᠎ᠡ ᠶᠠᠮᠠᠷ ᠰᠠᠯᠭᠢ ᠰᠢᠭᠤᠷᠭᠠᠨ ᠳᠤ ᠭᠡᠢ᠌ᠰᠴᠤ ᠣᠷᠤᠭᠤᠳᠠᠵᠤ ᠢᠷᠠᠪᠠ ᠡ︖ ᠪᠠᠷᠤᠭ ᠯᠠ ᠳᠠᠷᠠ 《ᠰᠤᠮᠤᠠᠴᠢᠷ ᠮᠤᠩᠭ᠋ᠤᠯ ᠮᠠᠨᠢ ᠨᠤᠮᠤᠴᠢᠷ ᠮᠤᠩᠭ᠋ᠤᠯ》 (ᠪ᠊·ᠪᠦᠷᠢᠡᠪᠠᠭᠢ ᠪᠠᠭᠰᠢ ᠶᠢᠨ ᠥᠭᠡ) ᠪᠣᠯᠬᠤ ᠶᠢᠨ ᠦᠶ᠎ᠡ ᠳᠤ ᠯᠠ ᠰᠤᠮᠤᠨ ᠳᠤ ᠣᠨᠤᠭᠳᠠᠨ ᠰᠢᠷᠬᠠᠳᠤᠵᠤ᠂ ᠳᠦᠭᠡᠷᠢᠵᠤ ᠳᠠᠨᠤᠵᠤ ᠢᠷᠡᠭ᠍ᠰᠡᠨ ᠪᠣᠭᠤᠯ ᠤᠨ ᠮᠠᠭᠤ ᠵᠡᠮᠳᠡᠭ᠌ ᠥᠭᠡ ᠪᠣᠯᠪᠠ ᠦᠦ ᠳ᠋ᠠ︖ ᠭᠡᠵᠤ ᠬᠤᠪᠢᠨ ᠳᠠᠭᠠᠨ ᠰᠡᠳᠭᠢᠭᠦ ᠳᠤ᠂ ᠠᠢ ᠁ ᠮᠢᠨᠢ ᠮᠤᠩᠭ᠋ᠤᠯ︕ ᠠᠷᠭᠤᠮᠭ ᠳᠤᠭᠰᠢᠨ ᠳᠤᠤᠯᠢᠰ ᠤᠨ ᠦᠨᠦ ᠣᠯᠠᠨ ᠠᠵᠢᠨᠠᠢ ᠭᠦᠯᠦᠭ᠌ ᠤᠳ ᠶᠢᠡᠨ ᠪᠦᠷ ᠢ ᠶᠠᠭᠠᠭᠢᠪᠠ ᠡ︖ ᠭᠡᠷᠪᠡ ᠮᠠᠨᠠᠢ᠌ᠭᠢᠨ ᠤ ᠰᠡᠳᠭᠢᠯ ᠢ 《ᠭᠢᠭᠦ ᠦᠭᠡᠶ ᠳᠡᠢ᠌ᠯᠭᠦ ᠦᠭᠡᠶ》 ᠭᠡᠭᠦ ᠡᠢ᠌ᠮᠤ ᠥᠭᠡ ᠯᠠ ᠨᠤᠶᠠᠯᠠᠵᠤ ᠡᠵᠡᠯᠡᠭᠡᠳ ᠪᠠᠢ᠌ᠪᠠᠯ᠂ ᠡᠵᠡᠷᠭᠡᠭᠯᠡᠭᠡᠳ ᠪᠠᠢ᠌ᠪᠠᠯ᠂ ᠭᠡᠨ ᠮᠠᠨ ᠢ ᠣᠷᠤᠯᠠᠵᠤ ᠭᠢᠶ᠎ᠠ ᠭᠡᠰᠡᠨ ᠠᠵᠢᠯ ᠢ ᠮᠢᠨᠢ ᠭᠢᠳᠡᠭ᠌ ᠪᠢᠯᠠ᠂ ᠭᠡᠯᠡᠶ᠎ᠡ ᠭᠡᠰᠡᠨ ᠥᠭᠡ ᠶᠢ ᠮᠢᠨᠢ ᠭᠢᠳᠡᠭ᠌ ᠪᠢᠯᠠ᠂ ᠭᠦᠷᠦᠶ᠎ᠡ ᠭᠡᠰᠡᠨ ᠭᠠᠵᠠᠷ ᠲᠤ ᠮᠢᠨᠢ ᠭᠦᠷᠳᠡᠭ᠌ ᠪᠢᠯᠠ︖ ᠳᠡᠭᠡᠪᠠᠯ ᠴᠤ᠂ 《ᠠᠮᠢᠰᠬᠤᠯ ᠲᠡᠶ ᠯᠠ ᠪᠣᠯ ᠳᠠᠮᠠᠴᠠᠨ᠎ᠡ︕》 ᠭᠡᠭᠦ ᠠᠮᠢᠳᠤ ᠶᠢᠨ ᠴᠤᠭ ᠲᠡᠶ ᠬᠤᠪᠢᠰᠬᠠᠯᠴᠢ ᠬᠠᠳᠠᠨ ᠥᠭᠡ ᠮᠠᠨᠢ ᠬᠠᠮᠢᠭ᠎ᠠ ᠭᠠᠵᠠᠷ ᠨᠤᠳᠤᠭᠯᠠᠳᠠᠭ ᠶᠤᠮ ᠪᠢᠯᠠ᠂ ᠬᠠᠭᠠᠨ ᠰᠠᠭᠤᠳᠠᠯ (ᠭᠦᠮᠦᠰ ᠤᠨ ᠣᠶᠤᠨ ᠰᠡᠳᠭᠢᠯ ᠤᠨ) ᠣᠯᠳᠠᠭ ᠴᠤ ᠶᠤᠮ ᠪᠢᠯᠢᠤ ︖

ᠭᠡᠳᠡᠯ᠎ᠡ ᠤᠢ᠌ᠷ᠎ᠡ ᠳᠤ ᠮᠠᠨᠠᠢ᠌ᠭᠢᠨ ᠤ ᠵᠠᠷᠢᠮ ᠰᠡᠭᠡᠭᠡᠳᠡᠳ 《ᠡᠨᠡ ᠥᠭᠡ》 ᠶᠢ ᠭᠤᠯᠤᠵᠤ ᠵᠢᠭ᠍ᠰᠢᠨ ᠡᠮᠨᠡᠵᠤ ᠡᠭᠢᠯᠡᠭ᠍ᠰᠡᠨ ᠨᠢ ᠢᠯᠠ᠃ ᠳᠦᠷᠦᠭᠦᠭᠡᠨ 《ᠦᠪᠣᠷ ᠮᠤᠩᠭ᠋ᠤᠯ ᠤᠨ ᠡᠳᠦᠷ ᠤᠨ ᠰᠤᠨᠢᠨ》 ᠡᠴᠠ ᠪᠢ 《ᠰᠠᠨᠠᠭ᠎ᠠ ᠪᠠᠢ᠌ᠪᠠᠯ ᠣᠨᠤᠭ᠎ᠠ ᠣᠯᠳᠠᠨ᠎ᠠ》 ᠭᠡᠭᠦ ᠵᠤᠬᠢᠶᠠᠯ ᠤᠨ ᠭᠠᠷᠴᠠᠭ ᠢ ᠨᠢ ᠥᠵᠡᠭᠡᠳ ᠠᠯᠠᠰᠭᠢᠨ ᠪᠠᠶᠠᠷᠯᠠᠵᠤ᠂ ᠳᠤᠭᠳᠤᠯᠬᠤ ᠳᠠᠭᠠᠨ ᠣᠷᠤᠨ ᠳᠠᠭᠠᠨ ᠰᠠᠭᠤᠵᠤ ᠳᠤᠭᠳᠠᠯ ᠦᠭᠡᠶ᠂ ᠣᠯᠠᠨ ᠬᠤᠨᠤᠭ ᠪᠣᠳᠤᠯ ᠮᠠᠨᠠᠵᠤ ᠪᠢᠯᠠ᠃ ᠣᠴᠢᠷ ᠨᠢ ᠡᠨᠡ ᠪᠣᠯ ᠡᠩ ᠤᠨ ᠨᠢᠭᠡ ᠥᠭᠡ ᠥᠭᠦᠯᠡᠪᠦᠷᠢ ᠶᠢᠨ ᠵᠠᠰᠠᠯᠳᠠ ᠥᠭᠡᠷᠡᠴᠢᠯᠡᠯ ᠳᠠᠳᠤᠢ ᠪᠢᠰᠢ᠂ ᠬᠠᠷᠢᠨ ᠮᠠᠨᠠᠢ᠌ᠭᠢᠨ ᠤ ᠦᠨᠦ ᠣᠳᠠᠭᠠᠨ ᠵᠢᠯ ᠭᠡᠯᠡᠵᠤ ᠭᠡᠷᠡᠭᠯᠡᠵᠤ ᠵᠠᠩᠰᠢᠭᠰᠠᠨ 《ᠰᠠᠨᠠᠭ᠎ᠠ ᠪᠠᠢ᠌ᠪᠠᠴᠤ ᠣᠨᠤᠭ᠎ᠠ ᠦᠭᠡᠶ》 ᠭᠡᠭᠦ 《ᠬᠣᠢ᠌ᠷᠭᠤ ᠰᠠᠳᠭᠢᠴᠠ》 ᠰᠡᠭᠡᠭᠡᠷᠡᠨ ᠰᠠᠷᠠᠵᠤ ᠪᠣᠰᠴᠢᠬᠠᠭᠠᠤᠨ 《ᠰᠠᠨᠠᠭ᠎ᠠ ᠪᠠᠢ᠌ᠪᠠᠰᠤ ᠣᠨᠤᠭ᠎ᠠ ᠣᠯᠳᠠᠨ᠎ᠠ ᠰᠢᠤ ᠳ᠋ᠠ》 ᠭᠡᠴᠢᠭᠡᠭ᠍ᠰᠡᠨ᠂ ᠣᠨᠤᠭ᠎ᠠ ᠣᠯᠳᠠᠪᠠᠯ 《ᠠᠬ᠎ᠠ ᠨᠢ ᠳᠡᠭᠡᠭᠡᠳ ᠠᠶᠠᠨ ᠳᠠᠭᠠᠨ ᠨᠢᠭᠡ ᠮᠤᠷᠳᠠᠬᠤ ᠨᠢ ᠦᠦ ᠳ᠋ᠠ᠂ ᠠᠵᠢᠯ ᠶᠢᠡᠨ ᠨᠢᠭᠡ ᠡᠭᠢᠯᠡᠭᠦ ᠦᠦ ᠳ᠋ᠠ》 ᠭᠡᠴᠢᠭᠡᠭ᠍ᠰᠡᠨ᠂ ᠳᠦᠷᠦᠭᠡ ᠬᠠᠩᠭᠢᠨᠠᠭᠤᠯᠤᠮ᠎ᠠ ᠪᠠᠢ᠌ᠭ᠎ᠠ ᠪᠢᠰᠢ ᠪᠢᠯᠠ ᠦᠦ᠃ ᠡᠨᠡ ᠪᠣᠯ ᠮᠠᠨᠠᠢ᠌ᠭᠢᠨ ᠤ ᠨᠠᠵᠠᠭᠠᠢ ᠰᠤᠶᠤᠯ ᠰᠠᠳᠭᠢᠴᠠ ᠶᠢᠨ ᠰᠡᠭᠡᠭᠡᠷᠡᠯ ᠤᠨ ᠪᠠᠰᠠ ᠨᠢᠭᠡ ᠰᠢᠠᠵᠢ ᠰᠤᠪᠢᠩ ᠶᠤᠮ᠃ ᠳᠠᠷᠠ ᠭᠦ 《ᠰᠠᠨᠠᠭ᠎ᠠ ᠪᠠᠢ᠌ᠪᠠᠴᠤ ᠣᠨᠤᠭ᠎ᠠ ᠦᠭᠡᠶ》 ᠭᠡᠭᠦ 《ᠬᠣᠢ᠌ᠷᠭᠤ ᠰᠠᠳᠭᠢᠴᠠ》 ᠨᠢᠭᠡ ᠭᠦᠮᠤᠨ᠂ ᠨᠢᠭᠡ ᠣᠯᠤᠰ ᠦᠨᠳᠦᠰᠦᠳᠠᠨ ᠤ ᠠᠮᠢᠳᠤᠷᠠᠯ ᠣᠢ᠌ᠯᠠᠰ᠂ ᠬᠤᠪᠢ ᠵᠠᠶᠠᠭᠠᠨ ᠳᠤ ᠭᠡᠴᠢᠨᠡᠭᠡᠨ ᠶᠡᠭᠡ ᠬᠣᠢ᠌ᠰᠢ ᠳᠠᠳᠠᠬᠤ ᠨᠠᠵᠠᠭᠠᠢ ᠭᠦᠴᠤᠨ ᠪᠣᠯᠤᠨ᠎ᠠ ᠭᠡᠳᠡᠭ᠌ ᠢ ᠪᠢᠳᠠ ᠭᠦᠡᠵᠡᠭᠡᠢ ᠳᠠᠨᠢᠵᠤ ᠮᠡᠳᠡᠷᠡᠭᠦ ᠨᠢ ᠴᠢᠬᠤᠯᠠ᠃ ᠭᠡᠷᠪᠡ ᠨᠢᠭᠡ ᠣᠯᠤᠰ ᠦᠨᠳᠦᠰᠦᠳᠠᠨ ᠳᠤ ᠡᠢ᠌ᠮᠦᠷᠭᠦᠤ 《ᠣᠨᠤᠭ᠎ᠠ ᠦᠭᠡᠶ》 ᠭᠦᠮᠤᠨ ᠣᠯᠠᠳᠠᠴᠢᠬᠠᠪᠠᠯ ᠣᠬᠤᠷᠢᠵᠤ ᠰᠠᠭᠤᠬᠤ ᠭᠦᠯ ᠠᠷᠪᠢᠳᠤᠴᠢᠬᠠᠪᠠᠯ ᠳᠠᠷᠠ ᠣᠯᠤᠰ ᠦᠨᠳᠦᠰᠦᠳᠠᠨ ᠢ ᠣᠷᠤᠭᠤᠳᠠᠵᠤ ᠳᠤᠷᠣᠢ᠌ᠳᠠᠬᠤ ᠦᠭᠡᠶ ᠭᠡᠵᠤ ᠭᠡᠯᠡᠵᠤ ᠳᠠᠢ᠌ᠯᠤᠨ᠎ᠡ ᠭᠡᠵᠢ ᠦᠦ︖ ᠳᠠᠷᠢᠶᠠᠴᠢᠨ ᠳᠠᠷᠢᠶᠠᠨ ᠣᠨᠠᠯᠳᠠ ᠪᠠᠨ ᠨᠡᠮᠡᠭ᠍ᠳᠡᠭᠦᠯᠦᠶ᠎ᠡ ᠭᠡᠵᠤ ᠭᠦᠰᠡᠭᠡᠳ 《ᠰᠠᠨᠠᠭ᠎ᠠ ᠪᠠᠢ᠌ᠪᠠᠴᠤ ᠣᠨᠤᠭ᠎ᠠ ᠦᠭᠡᠶ》 ᠭᠡᠨ᠎ᠡ᠂ ᠮᠠᠯᠴᠢᠨ ᠭᠦᠮᠤᠨ ᠮᠠᠯ ᠤᠨ ᠡᠭᠦᠯᠳᠡᠷ ᠶᠢᠡᠨ ᠰᠠᠢ᠌ᠵᠢᠷᠠᠭᠤᠯᠵᠤ ᠠᠮᠢᠳᠤᠷᠠᠯ ᠶᠢᠡᠨ ᠴᠢᠨᠡᠭᠡᠯᠢᠭ᠍ᠵᠢᠭᠦᠯᠦᠶ᠎ᠡ ᠭᠡᠳ 《ᠰᠠᠨᠠᠭ᠎ᠠ ᠪᠠᠢ᠌ᠪᠠᠴᠤ ᠣᠨᠤᠭ᠎ᠠ ᠦᠭᠡᠶ》 ᠭᠡᠨ᠎ᠡ᠂ ᠠᠵᠢᠯᠴᠢᠨ ᠮᠡᠷᠭᠡᠵᠢᠯ ᠶᠢᠡᠨ ᠰᠢᠨᠠᠴᠢᠯᠠᠵᠤ ᠭᠦᠳᠡᠯᠮᠦᠷᠢ ᠶᠢᠨ ᠦᠷᠳᠡᠭ᠌ ᠶᠢᠡᠨ ᠳᠡᠭᠡᠭ᠍ᠰᠢᠯᠡᠭᠦᠯᠦᠶ᠎ᠡ ᠭᠡᠳ 《ᠰᠠᠨᠠᠭ᠎ᠠ ᠪᠠᠢ᠌ᠪᠠᠴᠤ ᠣᠨᠤᠭ᠎ᠠ ᠦᠭᠡᠶ》 ᠭᠡᠨ᠎ᠡ᠂ ᠣᠶᠤᠳᠠᠨ ᠮᠡᠳᠡᠯᠭᠡ ᠪᠠᠨ ᠪᠠᠶᠠᠯᠢᠭᠵᠢᠭᠤᠯᠬᠤ ᠪᠠᠷ ᠳᠡᠭᠡᠭ᠍ᠰᠢ ᠰᠢᠯᠭᠠᠭᠤᠯᠤᠶ᠎ᠠ ᠭᠡᠳ 《ᠰᠠᠨᠠᠭ᠎ᠠ ᠪᠠᠢ᠌ᠪᠠᠴᠤ ᠣᠨᠤᠭ᠎ᠠ ᠦᠭᠡᠶ》 ᠭᠡᠨ᠎ᠡ᠃ ᠶᠠᠳᠠᠵᠤ ᠢᠨᠠᠭ ᠤᠨ ᠭᠠᠯ ᠳᠤ ᠨᠤᠴᠤᠵᠤ ᠳᠦᠷᠡᠯᠵᠡᠭ᠍ᠰᠡᠨ ᠵᠠᠯᠠᠭᠤ ᠭᠦᠤ ᠭᠡᠦᠭᠡᠨ ᠭᠦᠷᠳᠡᠯ᠎ᠡ ᠬᠠᠢ᠌ᠷᠠᠯᠠᠵᠤ ᠳᠤᠷᠠᠯᠠᠭᠰᠠᠨ ᠴᠠᠭᠠᠳᠤᠭᠢ ᠶᠢᠨ ᠶᠢᠡᠨ ᠬᠠᠢ᠌ᠷ᠎ᠠ ᠰᠡᠳᠭᠢᠯ ᠢ ᠭᠦᠭᠡᠭᠡᠴᠡᠯᠳᠦᠵᠤ ᠣᠯᠬᠤ ᠵᠤᠷᠢᠭ ᠳᠤᠳᠠᠵᠤ 《ᠠᠢ᠂ ᠠᠷᠭ᠎ᠠ ᠦᠭᠡᠶ᠂ ᠰᠠᠨᠠᠭ᠎ᠠ ᠪᠠᠢ᠌ᠪᠠᠴᠤ ᠣᠨᠤᠭ᠎ᠠ ᠦᠭᠡᠶ ᠶᠤᠮ ᠴᠢᠨᠢ》 ᠭᠡᠳ ᠪᠠᠰᠠ ᠵᠥᠭᠡᠷ ᠦᠭᠡᠶ᠂ ᠬᠤᠶᠠᠷ ᠨᠢᠳᠤᠨ ᠳ᠋ᠤᠨᠢ ᠵᠠᠢ᠌ᠷ ᠲᠡᠶ᠃ 《ᠠᠶ᠎ᠠ᠂ ᠶᠠᠭᠤ ᠨᠢᠭᠡ ᠭᠢᠪᠠᠯ ᠴᠤ ᠭᠢᠮᠠᠷ ᠶᠤᠮ ᠳ᠋ᠠ᠂ ᠭᠡᠳᠡᠯ᠎ᠡ 〈ᠰᠠᠨᠠᠭ᠎ᠠ ᠪᠠᠢ᠌ᠪᠠᠴᠤ ᠣᠨᠤᠭ᠎ᠠ ᠦᠭᠡᠶ〉ᠶᠤᠮ ᠴᠢᠨᠢ》 ᠭᠡᠵᠤ ᠠᠪᠣ ᠶᠢᠨ ᠭᠦᠤ ᠳᠤᠬᠤ ᠪᠠᠨ ᠮᠠᠭᠠᠵᠢᠵᠤ᠂ ᠪᠠᠰᠠ ᠵᠥᠭᠡᠷ ᠦᠭᠡᠶ᠂ ᠰᠢᠯᠳᠠᠭ ᠣᠯᠵᠤ ᠪᠠᠶ᠎ᠠ ᠪᠠᠨ ᠵᠥᠪᠳᠡᠭᠡᠴᠢᠭᠡᠭᠦ ᠨᠢ ᠭᠡᠷᠡᠭ᠌᠃

ᠠᠮᠢᠳᠤᠷᠠᠯ ᠳᠤ ᠬᠠᠶᠠ ᠳᠠᠭᠠᠨ ᠥᠨᠡᠭᠡᠷ ᠭᠦᠮᠤᠨ ᠤ ᠰᠠᠨᠠᠭ᠎ᠠ ᠪᠠᠷ ᠰᠢᠯᠵᠢᠳᠡᠭ᠌ ᠦᠭᠡᠶ ᠪᠣᠰᠤᠤᠠᠴᠢ 《ᠣᠨᠤᠭ᠎ᠠ ᠦᠭᠡᠶ》 ᠦᠶ᠎ᠡ ᠪᠠᠢ᠌ᠬᠤ ᠶᠢ ᠪᠢᠳᠠ ᠥᠭᠡᠢ᠌ᠰᠭᠡᠭᠦ ᠠᠷᠭ᠎ᠠ ᠠᠯᠠᠭ᠎ᠠ᠃ ᠭᠡᠳᠡᠯ᠎ᠡ ᠮᠠᠨ ᠤ ᠭᠡᠯᠡᠵᠤ ᠪᠠᠢ᠌ᠭ᠎ᠠ ᠪᠣᠯ ᠪᠠᠶᠠᠴᠢ ᠨᠢ 《ᠴᠢᠳᠠᠮᠠᠭᠠᠢ》 ᠪᠠᠢ᠌ᠷᠢ ᠰᠠᠭᠤᠷᠢ᠂ ᠡᠷᠭᠡ ᠣᠢ᠌ᠯᠠᠳᠤᠯ ᠶᠢᠡᠨ ᠨᠢᠭᠡᠮᠦᠰᠤᠨ ᠨᠤᠮᠤᠬᠠᠨ ᠶᠡᠭᠦᠯᠡᠵᠤ ᠥᠭ᠍ᠴᠢᠭᠡᠭᠡᠳ ᠨᠠᠵᠠᠭᠠᠢ ᠣᠪᠣᠷ ᠳᠠᠷᠠᠯᠠᠵᠤ ᠨᠠᠷᠠ ᠭᠠᠷᠳᠠᠯ᠎ᠠ ᠰᠠᠷᠠ ᠰᠢᠩᠭᠡᠳᠡᠯ᠎ᠡ ᠣᠠᠳᠠᠭᠠᠤᠨ᠂ ᠨᠠᠭᠠᠳᠴᠤ ᠴᠡᠩᠭᠡᠵᠤ 《ᠵᠢᠷᠭᠠᠭᠠᠤᠨ》 ᠪᠠᠢ᠌ᠬᠤ ᠨᠢ ᠳᠠᠩᠴᠤ ᠬᠠᠷᠠᠰᠠᠯᠳᠠᠢ᠃ 《ᠣᠨᠤᠭ᠎ᠠ》 ᠭᠡᠳᠡᠭ᠌ ᠴᠢᠨᠢ ᠡ᠊ᠨᠳᠡ ᠨᠥᠭᠦᠴᠡᠯ ᠭᠡᠰᠡᠨ ᠥᠭᠡ᠃ ᠭᠡᠭᠦ ᠳᠤ ᠨᠥᠭᠦᠴᠡᠯ ᠭᠦᠮᠤᠨ ᠢ ᠨᠥᠯᠦᠭᠡᠯᠡᠳᠡᠭ᠌ ᠴᠤ ᠨᠥᠭᠦᠴᠡᠯ ᠢ ᠭᠦᠮᠤᠨ ᠡᠭᠦᠳᠳᠡᠭ᠌ ᠭᠡᠭ᠍ᠴᠢ ᠶᠢ ᠪᠢᠳᠠ ᠵᠠᠪᠠᠯ ᠮᠡᠳᠡᠭᠦ ᠭᠡᠷᠡᠭ᠍ᠳᠡᠢ᠂ ᠮᠡᠳᠡᠷᠡᠭᠦ ᠭᠡᠷᠡᠭ᠍ᠳᠡᠢ᠃ ᠦᠨᠡᠨ ᠢ ᠭᠡᠯᠡᠭᠦ ᠳᠤ ᠭᠦᠰᠡᠯᠡᠩ ᠤᠨ ᠳᠠᠷᠠ ᠣᠷᠤᠨ ᠳᠠᠭᠠᠨ ᠭᠦᠷᠦᠶ᠎ᠡ ᠭᠡᠵᠤ ᠰᠠᠨᠠᠭ᠎ᠠ ᠵᠤᠷᠢᠭ ᠰᠢᠭᠤᠳᠤᠭᠰᠠᠨ ᠶᠤᠮ ᠪᠣᠯ 《ᠭᠦᠯᠦᠭ᠌》 ᠦᠭᠡᠶ ᠴᠤ ᠭᠡᠰᠡᠨ ᠭᠦᠯ ᠶᠢᠡᠷ ᠶᠢᠡᠨ ᠭᠦᠶ‍ᠦᠵᠤ ᠪᠣᠯᠤᠨ᠎ᠠ᠃ ᠭᠦᠯᠦᠭ᠌ ᠡᠷᠢᠵᠤ ᠭᠦᠴᠢᠷᠳᠡᠵᠤ ᠵᠦᠳᠠᠷᠠᠵᠤ ᠴᠤ ᠪᠣᠯᠤᠨ᠎ᠠ᠃ ᠭᠦᠰᠡᠯ ᠵᠡᠭᠦᠳᠤ ᠬᠤᠶᠠᠷ ᠶᠢᠡᠨ ᠭᠡᠵᠤ ᠭᠦᠯ ᠬᠣᠢ᠌ᠰᠢ ᠦᠭᠡᠶ ᠵᠢᠦᠡᠭᠦᠳᠡᠭ᠌ ᠨᠢ ᠭᠦᠮᠤᠨ ᠤ ᠭᠠᠭᠴᠠ ᠵᠢᠮ᠎ᠠ ᠬᠣᠢ᠌ᠨ᠎ᠠ᠂ ᠭᠦᠴᠦᠯᠡᠵᠤ ᠴᠢᠷᠮᠠᠢ᠌ᠬᠤ ᠨᠢ ᠵᠦᠢ ᠪᠠᠢ᠌ᠯᠭᠦᠢ᠃ ᠭᠦᠯᠦᠰᠤ ᠠᠯᠠᠭ᠎ᠠ ᠪᠣᠯ ᠭᠦᠨᠡᠰᠤ ᠴᠤ ᠠᠯᠠᠭ᠎ᠠ ᠶᠤᠮ ᠴᠢᠨᠢ᠃

ᠮᠠᠨᠠᠢ᠌ᠭᠢᠨ ᠳᠤ ᠶᠠᠷᠤ ᠨᠢ ᠦᠶ᠎ᠡ ᠶᠢᠨ ᠦᠶ᠎ᠡ ᠳᠤ ᠰᠠᠴᠠᠨ ᠰᠡᠷᠭᠦᠯᠡᠩ ᠭᠦᠪᠠᠭᠦᠤᠨ ᠦᠬᠢᠳ ᠳᠠᠳᠤᠢ ᠣᠯᠠᠨ ᠭᠠᠷᠴᠤ ᠪᠠᠢ᠌ᠳᠠᠭ ᠭᠢᠷᠢ ᠨᠢ᠂ ᠠᠮᠵᠢᠯᠳᠠ ᠪᠦᠳᠦᠮᠵᠢ ᠭᠠᠷᠭᠠᠵᠤ ᠠᠯᠳᠠᠷ ᠶᠢᠡᠨ ᠲᠦᠮᠡᠨ ᠳᠤ ᠮᠠᠠᠳᠤᠭᠤᠯᠳᠠᠭ ᠨᠢ ᠶᠠᠭᠠᠭᠢᠬᠤ ᠳᠠᠭᠠᠨ ᠳᠠᠢ᠌ᠮᠤ ᠴᠥᠭᠡᠨ ᠪᠠᠢ᠌ᠭᠠᠤᠨ ᠪᠠᠢ᠌ᠳᠠᠭ ᠪᠣᠢ︖ ᠡᠭᠦᠨ ᠳᠤ ᠬᠠᠮᠤᠭ ᠤᠨ ᠴᠢᠬᠤᠯᠠ ᠨᠢᠭᠡ ᠵᠦᠷᠢᠶ᠎ᠠ ᠭᠡᠪᠠᠯ ᠠᠮᠵᠢᠯᠳᠠ ᠭᠠᠷᠭᠠᠭᠰᠠᠤᠨ ᠪᠣᠯ ᠦᠨᠡᠨ ᠭᠦ 《ᠨᠥᠭᠦᠴᠡᠯ ᠦᠭᠡᠶ》 ᠴᠤ ᠭᠡᠰᠡᠨ ᠨᠥᠭᠦᠴᠡᠯ ᠢ ᠦᠪᠡᠷ ᠲᠡᠭᠡᠨ ᠡᠭᠦᠳᠳᠡᠭ᠌ ᠪᠠᠢ᠌ᠬᠤ ᠳᠤ᠂ ᠠᠷᠤᠠᠰᠢ ᠳᠠᠩᠭ᠋ᠠᠢ᠌ᠭᠰᠠᠤᠨ ᠬᠠᠷᠢᠨ ᠨᠥᠭᠦᠴᠡᠯ ᠲᠡᠶ ᠪᠠᠢ᠌ᠪᠠᠴᠤ 《ᠠᠶ᠎ᠠ᠂ ᠨᠥᠭᠦᠴᠡᠯ ᠦᠭᠡᠶ》 ᠭᠡᠵᠤ ᠭᠠᠷ ᠨᠤᠬᠤᠯᠠᠵᠤ ᠭᠠᠴᠢᠭᠳᠠᠨ᠂ ᠭᠤᠮᠤᠳᠠᠯ ᠵᠤᠪᠠᠯᠠᠩ ᠳᠤᠭᠠᠴᠢᠨ᠎ᠠ᠃ ᠳᠠᠢ᠌ᠨ ᠭᠦ 《ᠣᠷᠤᠭᠰᠢᠯᠠᠶ᠎ᠠ᠂ ᠴᠢᠷᠮᠠᠢ᠌ᠶ᠎ᠠ᠂ ᠡᠨᠡ ᠶᠠᠪᠣᠭ᠎ᠠ ᠨᠠᠰᠤᠨ ᠳᠠᠭᠠᠨ ᠭᠦᠮᠤᠨ ᠠᠷᠠᠤᠨ ᠲᠠᠭᠠᠨ ᠶᠠᠭᠤ ᠨᠢᠭᠡ ᠭᠡᠷᠡᠭ᠌ ᠲᠡᠶ ᠳᠤᠰᠠᠳᠠᠢ ᠶᠠᠭᠤᠮ᠎ᠠ ᠪᠦᠳᠦᠭᠡᠵᠤ ᠦᠯᠡᠳᠡᠭᠡᠶ᠎ᠡ》 ᠭᠡᠵᠤ ᠵᠤᠷᠢᠵᠤ ᠵᠢᠦᠡᠭᠦᠭ᠍ᠰᠡᠳ ᠲᠤ ᠪᠣᠯ 《ᠣᠨᠤᠭ᠎ᠠ ᠦᠭᠡᠶ》 ᠨᠢ ᠣᠬᠤᠷᠢᠵᠤ ᠰᠠᠭᠤᠬᠤ ᠶᠢᠨ ᠰᠢᠯᠳᠠᠭ ᠣᠭᠳᠤ ᠪᠢᠰᠢ᠃ ᠭᠡᠳᠡᠯ᠎ᠡ ᠶᠠᠭᠠᠭᠢᠵᠤ ᠪᠠᠢ᠌ᠭᠠᠤᠨ ᠴᠤ ᠭᠡᠰᠡᠨ ᠨᠢᠭᠡ ᠪᠠᠶ᠎ᠠ ᠵᠤᠪᠠᠭᠠᠬᠤ ᠡᠴᠠ ᠵᠠᠢ᠌ᠯᠠᠵᠤ᠂ ᠶᠠᠳᠠᠷᠠᠯ ᠵᠦᠳᠡᠷᠡᠯ ᠦᠭᠡᠶ 《ᠠᠮᠤᠷ ᠰᠠᠢ᠌ᠬᠠᠨ》 ᠡᠳᠦᠷ ᠥᠩᠭᠡᠷᠡᠭᠡᠶ᠎ᠡ ᠭᠡᠳᠡᠭ᠌ ᠭᠦᠮᠤᠨ ᠳᠤ ᠶᠤᠮ ᠪᠣᠯ ᠦᠪᠡᠷ ᠲᠡᠭᠡᠨ ᠭᠡᠴᠢᠨᠡᠭᠡᠨ ᠰᠠᠴᠠᠨ ᠰᠡᠷᠭᠦᠯᠡᠩ ᠳᠠᠷᠢᠭᠢ ᠳᠤᠯᠤᠭᠠᠢ ᠲᠡᠶ᠂ ᠨᠥᠭᠦᠴᠡᠯ ᠲᠡᠶ᠂ ᠠᠪᠢᠶᠠᠰ ᠪᠢᠯᠢᠭ᠌ ᠲᠡᠶ ᠳᠦᠷᠦᠴᠢᠭᠡᠭ᠍ᠰᠡᠨ ᠴᠤ ᠶᠠᠭᠠᠭᠢᠬᠤ ᠪᠣᠢ ᠳ᠋ᠠ᠃ ᠳᠡᠭᠦᠨ ᠳᠤ ᠠᠪᠴᠤ ᠭᠡᠯᠡᠪᠠᠯ 《ᠣᠨᠤᠭ᠎ᠠ ᠪᠠᠢ᠌ᠯ᠎ᠠ ᠴᠤ ᠭᠡᠰᠡᠨ ᠰᠠᠨᠠᠭ᠎ᠠ ᠦᠭᠡᠶ》 ᠶᠤᠮ ᠴᠢᠨᠢ᠃ ᠵᠢᠷᠤᠭ᠎ᠠ ᠴᠤ ᠭᠡᠰᠡᠨ ᠵᠤᠭᠰᠤᠭ᠎ᠠ ᠣᠨᠤᠭ᠎ᠠ ᠯᠠ ᠬᠠᠢ᠌ᠷᠠᠨ ᠪᠢᠵᠠ︖

ᠳᠠᠢ᠌ᠮᠤ ᠡ᠂ ᠰᠠᠨᠠᠭ᠎ᠠ ᠪᠠᠢ᠌ᠪᠠᠯ ᠣᠨᠤᠭ᠎ᠠ ᠣᠯᠳᠠᠬᠤ ᠨᠢ ᠵᠥᠩᠳᠡᠭᠡᠨ᠃ ᠳᠡᠭᠡᠪᠠᠴᠤ 《ᠣᠨᠤᠭᠠᠤᠨ》 ᠮᠠᠨᠢ ᠬᠠᠷᠢᠨ ᠦᠪᠡᠷ ᠲᠡᠭᠡᠨ ᠳᠠᠷᠠ ᠳᠤᠤᠯᠢᠰ ᠤᠨ ᠪᠠᠭᠠᠳᠤᠷ ᠤᠨ ᠡᠷᠳᠡᠨᠢ ᠶᠢᠨ ᠭᠦᠯᠦᠭ᠌᠂ ᠦᠯᠢᠭᠡᠷ ᠤᠨ ᠮᠤᠷᠢᠳ ᠰᠢᠭ 《ᠡᠵᠡᠨ ᠮᠢᠨᠢ ᠬᠠᠮᠢᠭ᠎ᠠ ᠪᠠᠢ᠌ᠨ᠎ᠠ》 ᠭᠡᠵᠤ ᠦᠣᠷᠰᠡᠭᠡᠳ ᠳᠠᠪᠭᠢᠭᠠᠤᠨ ᠢᠷᠡᠳᠡᠭ᠌ ᠦᠭᠡᠶ᠃ 《ᠣᠨᠤᠭ᠎ᠠ》 ᠪᠠᠨ ᠪᠢᠳᠠ ᠦᠪᠡᠷ ᠲᠡᠭᠡᠨ ᠯᠠ ᠡᠷᠢᠭᠦ ᠠᠯᠪᠠ ᠲᠡᠶ᠂ ᠣᠨᠠᠭᠠᠨ ᠡᠴᠠ ᠨᠢ ᠠᠷᠠᠴᠢᠯᠠᠵᠤ ᠥᠰᠭᠡᠭᠦ ᠴᠤ ᠠᠷᠭ᠎ᠠ ᠲᠡᠶ᠃ ᠨᠢᠭᠡ ᠭᠦᠮᠤᠨ ᠭᠡᠷᠪᠡ ᠠᠮᠢᠳᠤᠷᠠᠯ ᠳᠠᠭᠠᠨ ᠵᠦᠪ ᠵᠠᠮ ᠢ ᠰᠤᠩᠭ᠋ᠤᠵᠤ᠂ ᠵᠦᠪ ᠴᠢᠭᠯᠡᠯ ᠢ ᠣᠯᠴᠢᠬᠠᠭᠰᠠᠨ ᠶᠤᠮ ᠪᠣᠯ᠂ ᠵᠢᠩᠭᠢᠨᠢ ᠭᠦᠮᠤᠨ ᠤ ᠠᠮᠢᠳᠤᠷᠠᠯ ᠤᠨ ᠦᠨ᠎ᠡ ᠦᠷᠳᠡᠭ᠌ ᠢ ᠳᠠᠨᠢᠴᠢᠬᠠᠭᠰᠠᠨ ᠪᠠᠢ᠌ᠪᠠᠯ ᠡᠨᠡ ᠪᠦᠭᠦᠨ ᠤ ᠪᠠᠨ ᠲᠦᠯᠦᠭᠡ ᠦᠷᠡᠭ᠍ᠳᠡᠯ ᠡᠴᠠ ᠴᠤ ᠴᠤᠴᠠᠬᠤ ᠦᠭᠡᠶ ᠵᠤᠷᠢᠭ ᠭᠡᠷᠡᠭ᠍ᠳᠡᠢ᠃ ᠡᠨᠡ ᠪᠣᠯ ᠳᠠᠷᠤᠢ ᠭᠤᠸ᠎ᠠ ᠰᠠᠢ᠌ᠬᠠᠨ ᠤ ᠦᠷᠳᠡᠭ᠌ ᠪᠦᠭᠦᠢ ᠭᠤᠨᠢᠭᠳᠤ ᠵᠥᠴᠦᠭᠡ ᠶᠢᠨ ᠵᠤᠷᠢᠭ ᠰᠠᠨᠠᠭ᠎ᠠ᠃ ᠳᠡᠭᠡᠭᠦ ᠳᠤ ᠦᠷᠡᠭ᠍ᠳᠡᠯ ᠨᠢ ᠦᠨᠡᠨ ᠳᠡᠭᠡᠨ ᠦᠷᠡᠭ᠍ᠳᠡᠯ ᠪᠢᠰᠢ᠂ ᠦᠨ᠎ᠡ ᠦᠷᠳᠡᠭ᠌ ᠤᠨ ᠬᠠᠮᠤᠭ ᠳᠤᠳᠤ ᠢᠯᠠᠷᠠᠯ᠂ ᠬᠠᠳᠠᠨ ᠪᠠᠳᠤ ᠪᠠᠶᠠᠯᠠᠯ᠃ ᠳᠠᠢ᠌ᠮᠤ ᠪᠣᠯᠬᠤᠷ ᠭᠦᠮᠤᠨ ᠳᠤ ᠴᠢᠷᠮᠠᠢ᠌ᠬᠤ ᠦᠭᠡᠶ ᠴᠢᠳᠠᠬᠤ ᠦᠭᠡᠶ ᠭᠡᠭᠦ ᠰᠢᠯᠳᠠᠭ ᠠᠯᠠᠭ᠎ᠠ᠃ ᠳᠡᠭᠡᠭᠦ ᠪᠠᠷ ᠶᠠᠭᠠᠭᠢᠬᠤ ᠪᠣᠢ᠃ ᠭᠦᠮᠤᠨ ᠪᠢᠳᠠ 《ᠰᠠᠨᠠᠭ᠎ᠠ ᠪᠠᠢ᠌ᠪᠠᠯ ᠣᠨᠤᠭ᠎ᠠ ᠡᠷᠢᠶ᠎ᠡ︕》 ᠰᠠᠨᠠᠭ᠎ᠠ ᠦᠭᠡᠶ ᠪᠣᠯ ᠰᠠᠨᠠᠭ᠎ᠠ ᠪᠠᠰᠠ ᠡᠷᠢᠶ᠎ᠡ᠃


ᠵᠤᠬᠢᠶᠠᠭᠴᠢ ᠶᠢᠨ ᠬᠠᠶ‍ᠢᠭ᠄ ᠦᠪᠣᠷ ᠮᠤᠩᠭ᠋ᠤᠯ ᠤᠨ ᠨᠡᠢ᠌ᠭᠡᠮ ᠤᠨ ᠰᠢᠡᠵᠢᠯᠡᠭᠦ ᠣᠬᠠᠭᠠᠨ ᠤ ᠭᠦᠷᠢᠶᠡᠯᠡᠩ

ᠵᠤᠬᠢᠶᠠᠭᠴᠢ᠄ ᠨᠠ᠊·ᠭᠡᠭᠡᠡᠰᠡᠷᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6180
ᠴᠠᠭ᠄ 2010 ᠤᠨ ᠤ 05 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ