☆ ᠴᠤ᠋·ᠣᠷᠭᠢᠯᠳᠤ
ᠪᠦᠮᠪᠦᠭᠡ
ᠡᠨ ᠱᠦᠵᠢ ᠢᠷᠡᠭᠡᠳ
ᠠᠷᠠᠤᠨ ᠤᠨ ᠠᠮᠢᠳᠤᠷᠠᠯ ᠢ ᠳᠡᠭᠡᠭ᠍ᠰᠢᠯᠡᠭᠦᠯᠤᠨ᠎ᠡ ᠭᠡᠵᠤ
ᠰᠢᠭᠢᠷ ᠡᠪᠠᠰᠤ ᠶᠢ ᠬᠤᠷᠢᠵᠤ
ᠬᠤᠵᠢᠮ ᠤᠨ ᠡᠮ ᠤᠨ ᠵᠠᠬ᠎ᠠ ᠳᠡᠯᠭᠡᠭᠦᠷ ᠢ ᠡᠵᠡᠯᠡᠨ᠎ᠡ ᠭᠡᠵᠤ
ᠭᠡᠳᠤᠨ ᠵᠢᠯ ᠮᠠᠯᠳᠠᠬᠤ ᠦᠭᠡᠶ ᠪᠣᠯᠬᠤ ᠳ᠋ᠤ
ᠰᠢᠭᠢᠷ ᠨᠢ
ᠥᠭᠡᠷ᠎ᠡ ᠣᠷᠭᠤᠮᠠᠯ ᠳᠤ ᠢᠳᠡᠭ᠍ᠳᠡᠵᠤ
ᠦᠨᠳᠦᠰᠦ ᠨᠠᠮᠠᠭ᠎ᠠ ᠡᠴᠠ ᠡᠭᠢᠯᠡᠭᠡᠳ
ᠦᠭᠡᠶ ᠪᠣᠯᠵᠤ ᠣᠰᠠᠳᠬᠤ ᠰᠢᠬᠠᠯ᠎ᠠ᠃
ᠠᠷᠠᠤᠨ ᠤᠳ ᠨᠢ
ᠠᠢ ᠳ᠋ᠠ ︕
ᠣᠷᠭᠤᠮᠠᠯ ᠤᠨ ᠣᠬᠠᠭᠠᠨ ᠢ ᠮᠡᠳᠡᠭᠦ ᠦᠭᠡᠶ ᠳᠠᠷᠤᠭ᠎ᠠ
ᠠᠷᠠᠤᠨ ᠤᠨ ᠠᠮᠢᠳᠤᠷᠠᠯ ᠢ ᠶᠠᠭᠠᠭᠢᠵᠤ ᠳᠡᠭᠡᠭ᠍ᠰᠢᠯᠡᠭᠦᠯᠤᠨ᠎ᠡ ᠳ᠋ᠠ᠃
ᠡ ᠱᠦᠵᠢ ᠢᠷᠡᠭᠡᠳ
ᠠᠷᠠᠤᠨ ᠤᠨ ᠠᠮᠢᠳᠤᠷᠠᠯ ᠢ ᠰᠠᠢ᠌ᠵᠠᠷᠠᠭᠤᠯᠤᠨᠠ ᠭᠡᠵᠤ
ᠰᠢᠭᠢᠷ ᠡᠪᠠᠰᠤ ᠶᠢ ᠮᠠᠯᠳᠠᠮᠠᠠᠵᠢᠨ ᠣᠷᠭᠤᠳᠠᠭ ᠭᠡᠵᠤ
ᠭᠡᠳᠤᠨ ᠵᠢᠯ ᠶᠢᠡᠷ ᠮᠠᠯᠳᠠᠭᠠᠤᠨ
ᠣᠷᠤᠯᠭ᠎ᠠ ᠨᠢ ᠰᠠᠢ᠌ᠵᠢᠷᠠᠭᠰᠠᠨ ᠴᠤ
ᠣᠷᠭᠤᠬᠤ ᠴᠢᠯᠦᠭᠡ ᠶᠢ ᠦᠭᠭᠦ ᠦᠭᠡᠶ ᠪᠣᠯᠭᠠᠪᠠ᠃
ᠠᠷᠠᠤᠨ ᠤᠳ ᠨᠢ
ᠠᠢ ᠳ᠋ᠠ ︕
ᠠᠯᠤᠰ ᠢ ᠪᠣᠳᠤᠬᠤ ᠥᠭᠡᠢ
ᠠᠪᠴᠤ ᠪᠠᠷᠠᠬᠤ ᠶᠢ ᠮᠡᠳᠡᠭ᠍ᠰᠡᠨ ᠳᠠᠷᠤᠭ᠎ᠠ
ᠠᠷᠠᠤᠨ ᠤᠨ ᠠᠮᠢᠳᠤᠷᠠᠯ ᠢ ᠶᠠᠭᠠᠭᠢᠵᠤ ᠰᠠᠢ᠌ᠵᠠᠷᠠᠭᠤᠯᠤᠨᠠ ᠳ᠋ᠠ᠃
ᠡᠢ ᠱᠦᠵᠢ ᠢᠷᠡᠭᠡᠳ
ᠠᠷᠠᠤᠨ ᠶᠢᠡᠨ ᠴᠢᠨᠡᠭᠡᠯᠢᠭ᠍ᠵᠡᠭᠦᠯᠤᠨᠡ ᠭᠡᠵᠤ
ᠰᠢᠭᠢᠷ ᠡᠪᠠᠰᠤ ᠶᠢ ᠳᠦᠷᠭᠡᠨ ᠪᠣᠢ᠌ᠵᠢᠭᠤᠯᠵᠤ
ᠳᠦᠷᠭᠡᠨ ᠪᠠᠶᠠᠵᠢᠨ᠎ᠠ ᠭᠡᠵᠤ
ᠭᠡᠳᠤᠨ ᠵᠢᠯ ᠵᠢᠠᠷ
ᠭᠢᠮᠢ ᠶᠢᠨ ᠪᠣᠷᠳᠤᠭᠤᠷ ᠶᠢᠡᠷ ᠳᠤᠳᠤᠮᠳᠤᠵᠤ
ᠰᠢᠭᠢᠷ ᠤᠨ ᠴᠢᠨᠠᠷ ᠮᠠᠭᠤᠳᠠᠭᠠᠤᠨ
ᠣᠷᠤᠯᠭ᠎ᠠ ᠨᠢ ᠶᠡᠭᠡᠪᠠᠷ ᠪᠠᠭᠤᠷᠠᠬᠤ ᠳ᠋ᠤ
ᠠᠷᠠᠤᠨ ᠤᠳ ᠨᠢ
ᠠᠢ ᠳ᠋ᠠ ︕
ᠬᠠᠭᠤᠷᠠᠮᠠᠭ ᠶᠢᠡᠷ ᠦᠨᠡᠨ ᠢ ᠣᠷᠤᠯᠠᠭᠤᠯᠳᠠᠭ ᠳᠠᠷᠤᠭ᠎ᠠ
ᠠᠷᠠᠤᠨ ᠶᠢᠡᠨ ᠶᠠᠭᠠᠭᠢᠵᠤ ᠴᠢᠨᠡᠭᠡᠯᠢᠭ᠍ᠵᠡᠭᠦᠯᠤᠨᠡ ᠳ᠋ᠠ᠃
ᠣ ᠱᠦᠵᠢ ᠢᠷᠡᠭᠡᠳ
ᠠᠷᠠᠤᠨ ᠶᠢᠡᠨ ᠪᠠᠶᠠᠵᠢᠭᠤᠯᠤᠨ᠎ᠠ ᠭᠡᠵᠤ
ᠰᠢᠭᠢᠷ ᠡᠪᠠᠰᠤ ᠶᠢᠨ ᠣᠷᠤᠨ ᠳ᠋ᠤ
ᠠᠵᠤ ᠠᠬᠤᠢ ᠶᠢᠨ ᠮᠤᠳᠤ ᠳᠠᠷᠢᠨ᠎ᠠ ᠭᠡᠵᠤ
ᠭᠡᠳᠤᠨ ᠵᠢᠯ ᠶᠢᠡᠷ ᠵᠢᠮᠢᠰ ᠤᠨ ᠮᠤᠳᠤ ᠳᠠᠷᠢᠭᠠᠤᠨ
ᠰᠢᠭᠢᠷ ᠴᠤ ᠥᠭᠡᠢ
ᠠᠯᠢᠮ᠎ᠠ ᠴᠤ ᠦᠭᠡᠶ ᠪᠣᠯᠬᠤ ᠳ᠋ᠤ
ᠠᠷᠠᠤᠨ ᠤᠳ ᠨᠢ
ᠠᠢ ᠳ᠋ᠠ ︕
ᠪᠢᠳᠠᠨᠤᠰ ᠴᠢᠨᠢ
ᠪᠦᠮᠪᠦᠭᠡ ᠪᠣᠯᠴᠢᠬᠠᠵᠠᠢ᠂
ᠡᠨᠡ ᠳᠠᠷᠤᠭ᠎ᠠ ᠨᠢ ᠢᠩᠭᠢᠵᠤ ᠭᠢ ᠭᠡᠭᠦ ᠳ᠋ᠤ
ᠳᠠᠷᠠ ᠳᠠᠷᠤᠭ᠎ᠠ ᠨᠢ ᠳᠡᠭᠡᠵᠤ ᠭᠢ ᠭᠡᠭ᠍ᠰᠡᠭᠡᠷ ᠪᠠᠢ᠌ᠭᠠᠤᠨ
ᠭᠤᠷᠪᠠ ᠶᠢᠨ ᠬᠤᠭᠤᠷᠤᠠᠳᠤ
ᠬᠤᠶᠠᠷ ᠤᠨ ᠳᠤᠮᠳᠠ
ᠥᠭᠡᠭᠦ ᠴᠤ ᠪᠢᠰᠢ
ᠪᠤᠯᠴᠢᠷᠬᠠᠢ ᠴᠤ ᠪᠢᠰᠢ ᠪᠣᠯᠴᠢᠬᠠᠯ᠎ᠠ᠂
ᠪᠠᠶᠠᠵᠢᠭᠰᠠᠨ ᠴᠤ ᠶᠠᠭᠤᠮ᠎ᠠ ᠥᠭᠡᠢ
ᠪᠠᠢ᠌ᠭᠰᠠᠨ ᠵᠠᠯᠠᠭᠤ ᠨᠠᠰᠤ ᠪᠠᠨ ᠴᠤ ᠪᠠᠷᠠᠯ᠎ᠠ
ᠪᠠᠶᠠᠯᠢᠭ ᠰᠠᠢ᠌ᠬᠠᠨ ᠰᠢᠭᠢᠷ ᠶᠢᠡᠨ ᠴᠤ ᠦᠭᠡᠶ ᠭᠢᠯ᠎ᠠ ᠭᠡᠳ
ᠭᠦᠷᠵᠡ ᠵᠡᠭᠡᠳᠦᠤ ᠪᠠᠨ ᠡᠭᠦᠷᠦᠭᠡᠳ
ᠭᠦᠷᠢᠶᠡᠯᠡᠵᠤ ᠬᠤᠷᠢᠭᠰᠠᠨ ᠵᠢᠭᠠᠬᠠᠨ ᠰᠢᠭᠢᠷ ᠵᠢᠠᠨ
ᠭᠦᠷᠦᠩᠭᠡᠰᠢᠭᠦᠯᠵᠤ ᠬᠠᠮᠠᠭᠠᠯᠠᠶ᠎ᠠ᠂
ᠳᠠᠭᠢᠵᠤ
ᠭᠡᠨ ᠤ ᠭᠢᠨᠢ ᠥᠭᠡ ᠶᠢ ᠴᠤ ᠰᠤᠨᠤᠰᠬᠤ ᠦᠭᠡᠶ ᠭᠡᠳ
ᠭᠡᠷ ᠭᠡᠷ ᠲᠡᠭᠡᠨ ᠶᠠᠪᠣᠭᠠᠤᠨ ᠦᠭᠭᠦᠯ᠎ᠡ᠃
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠬᠠᠤᠯᠢ ᠴᠠᠭᠠᠵᠠ ᠶᠢᠨ ᠳᠤᠪᠴᠢᠶ᠎ᠠ
ᠵᠤᠬᠢᠶᠠᠭᠴᠢ᠄ ᠴᠤ᠋·ᠣᠷᠭᠢᠯᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2639
ᠴᠠᠭ᠄ 2012 ᠤᠨ ᠤ 01 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ