ᠨᠡᠪᠲᠡᠷᠡᠨ ᠤᠷᠤᠬᠤ
ᠡᠮᠡᠭᠡᠯ ᠳᠡᠭᠡᠷ᠎ᠡ ᠠᠴᠢᠭᠳᠠᠭᠰᠠᠨ ᠡᠭᠡ ᠣᠷᠤᠨ

ᠳᠡᠪᠢᠭᠡᠳ ᠭᠠᠷᠬᠤ ᠳᠤ ᠳᠡᠯᠡᠭᠡᠢ ᠨᠢ ᠪᠠᠶᠠᠰᠳᠠᠭ

ᠳᠠᠪᠭᠢᠭᠠᠤᠨ ᠢᠷᠡᠭᠦ ᠳᠤ ᠪᠦᠮᠪᠦᠷᠴᠡᠭ᠌ ᠨᠢ ᠥᠡᠳᠡᠯᠵᠡᠳᠡᠭ᠌

᠊᠊᠊᠊᠊᠊᠊᠊᠊᠊᠊᠊᠊᠊᠊ ᠮᠢᠨᠤ ᠡᠭᠡ ᠣᠷᠤᠨ᠃

ᠳᠦᠷᠦᠭᠡᠯᠡᠭᠡᠳ ᠮᠤᠷᠳᠠᠬᠤ ᠳᠤ ᠳᠡᠯᠡᠭᠡᠢ ᠨᠢ ᠥᠡᠳᠡᠢ᠌ᠳᠡᠭ᠌

ᠳᠦᠰᠢᠭᠡᠳ ᠪᠣᠰᠬᠤ ᠳᠤ ᠪᠦᠭᠦᠷᠭᠡ ᠨᠢ ᠳᠤᠯᠭᠠᠭᠤᠷᠢ ᠪᠣᠯᠳᠠᠭ

᠊᠊᠊᠊᠊᠊᠊᠊᠊᠊᠊᠊᠊᠊᠊ ᠮᠢᠨᠤ ᠡᠭᠡ ᠣᠷᠤᠨ᠃

ᠭᠦᠢ ᠵᠠᠯᠭᠠᠵᠤ ᠣᠳᠤᠮ ᠤᠨ ᠭᠠᠯ ᠶᠢᠡᠨ ᠪᠠᠳᠠᠷᠠᠭᠠᠬᠤ ᠳ᠋ᠤ

ᠡᠭᠡ ᠣᠷᠤᠨ ᠵᠠᠶᠠᠭ᠎ᠠ ᠪᠦᠷᠢᠨ ᠤ ᠳᠡᠭᠦᠯᠳᠡᠷ ᠵᠢᠠᠷ

ᠴᠡᠴᠡᠭᠡᠰ ᠮᠠᠨᠠᠨ ᠶᠢᠡᠨ ᠳᠤᠰᠢᠶᠠᠵᠤ

ᠳᠠᠷᠠ ᠪᠦᠭᠦᠨ ᠶᠢᠡᠨ ᠡᠷᠭᠦᠵᠤ

ᠡᠮᠡᠭᠡᠯ ᠳᠡᠭᠡᠷ᠎ᠡ ᠠᠴᠢᠭᠳᠠᠭᠰᠠᠨ ᠶᠤᠮ᠃

ᠮᠠᠩᠨᠤᠭ ᠳᠠᠯ᠎ᠠ ᠶᠢᠨ ᠶᠢᠡᠨ ᠨᠤᠭᠤᠭᠠᠨ ᠢ

ᠡᠭᠡ ᠣᠷᠤᠨ ᠭᠡᠳᠡᠭ᠌᠃

ᠮᠠᠯᠵᠢᠬᠤ ᠠᠮᠢᠳᠤᠷᠠᠯ ᠤᠨ ᠶᠢᠡᠨ ᠨᠡᠭᠦᠳᠡᠯ ᠢ

ᠡᠭᠡ ᠣᠷᠤᠨ ᠭᠡᠳᠡᠭ᠌᠃

ᠬᠠᠨ᠎ᠠ ᠨᠢ ᠨᠢᠳᠤ ᠲᠡᠶ ᠭᠡᠷ ᠤᠨ ᠵᠢᠠᠨ

ᠳᠤᠭᠤᠨᠤ ᠪᠠᠷ ᠳᠤᠰᠤᠭᠰᠠᠨ ᠨᠠᠷᠠ ᠶᠢ ᠰᠢᠠᠵᠢᠵᠤ

ᠳᠡᠯᠡᠭᠡᠢ ᠴᠢᠮᠢ᠋ᠢ ᠪᠠᠨ ᠥᠮᠴᠢᠷᠭᠡᠨ

ᠰᠠᠭᠤᠷᠢ ᠨᠢ ᠳᠤᠭᠤᠷᠢᠭ ᠭᠡᠷ ᠡᠴᠡ ᠪᠠᠨ ᠮᠤᠷᠳᠠᠬᠤ ᠳ᠋ᠤ

ᠡᠭᠡ ᠣᠷᠤᠨ ᠊᠊᠊᠊᠊᠊᠊᠊᠊᠊᠊᠊᠊᠊᠊ ᠡᠵᠡᠨ ᠮᠢᠨᠢ ᠭᠡᠵᠤ

ᠡᠮᠡᠭᠡᠯ ᠳᠡᠭᠡᠷ᠎ᠡ ᠠᠴᠢᠭᠳᠠᠭᠰᠠᠨ ᠶᠤᠮ᠃

ᠠᠭᠳᠠ ᠶᠢᠨ ᠳᠤᠭᠤᠷᠠᠢ᠌ᠳ

ᠭᠦᠷᠦᠰᠤᠨ ᠳᠤ ᠳᠠᠮᠠᠭᠠᠯᠠᠬᠤ ᠳ᠋ᠤ

ᠳᠢᠪ ᠠᠯᠤᠰ ᠲᠤ ᠳᠠᠭᠤᠷᠢᠰᠳᠠᠭ ᠡᠭᠡ ᠣᠷᠤᠨ᠃

ᠵᠤᠯᠭᠠᠷᠠᠭᠰᠠᠨ ᠴᠡᠴᠡᠭ᠌ ᠤᠨ ᠨᠠᠪᠴᠢᠰ

ᠵᠡᠭᠦᠷᠮᠡᠭ᠌ ᠬᠤᠨᠤᠳᠠᠭ ᠣᠳᠠᠴᠢ ᠣᠷᠤᠨ᠃

ᠵᠡᠭᠦᠳᠤᠨ ᠳᠤ ᠪᠠᠭᠤᠭᠰᠠᠨ ᠰᠢᠷᠭᠠᠯ ᠪᠦᠷᠦᠢ

ᠣᠶᠠᠭ᠎ᠠ ᠲᠡᠶ ᠬᠤᠷᠤᠭᠳᠠᠳᠠᠭ ᠠᠭᠤᠳᠠᠮᠴᠢ ᠣᠷᠤᠨ᠃

ᠮᠤᠩᠭ᠋ᠤᠯ ᠡᠷ᠎ᠡ ᠶᠢᠨ ᠵᠢᠪᠬᠤᠭ᠎ᠠ ᠪᠠᠷ

ᠵᠠᠭᠤᠨ ᠤ ᠰᠤᠨᠤᠷ ᠲᠤ ᠳᠠᠭᠤᠷᠢᠰᠬᠤ ᠳᠤᠤᠯᠢ

ᠡᠮᠡᠭᠡᠯ ᠳᠡᠭᠡᠷ᠎ᠡ ᠠᠴᠢᠭᠳᠠᠭᠰᠠᠨ

ᠡᠭᠡ ᠣᠷᠤᠨ ᠮᠢᠨᠢ ᠁

ᠵᠤᠬᠢᠶᠠᠭᠴᠢ᠄ ᠷᠠ᠊·ᠥᠯᠵᠡᠢ᠌ᠳᠡᠯᠭᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3087
ᠴᠠᠭ᠄ 2009 ᠤᠨ ᠤ 07 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ