ᠨᠡᠪᠲᠡᠷᠡᠨ ᠤᠷᠤᠬᠤ
ᠡᠵᠢ ᠳᠡᠭᠡᠨ ᠡᠷᠭᠦᠭᠦ ᠤᠶᠠᠩ‍ᠭ᠎ᠠ

ᠡᠨᠡ ᠶ‍ᠢᠷᠳᠢᠠᠴᠤ ᠡᠴᠡ ᠳᠤᠮᠤᠬᠠᠨ ᠰᠠᠨᠠᠭᠳᠠᠬᠤ

ᠡᠪᠯᠢᠭ᠌ ᠳᠤᠯᠠᠭᠠᠬᠠᠨ ᠡᠪᠦᠷ ᠲᠤ ᠴᠢᠨᠢ

ᠡᠭᠡ ᠶᠢᠨ ᠭᠦᠢ ᠡᠴᠡ ᠵᠠᠯᠭᠠᠰᠤᠳᠠᠢ

ᠡᠰᠨᠢᠵᠤ ᠳᠤᠷᠨᠢᠭᠰᠠᠨ ᠳᠦᠷᠪᠠᠨ ᠦᠷᠠᠰ ᠴᠢᠨᠢ

ᠡᠭᠡᠭᠦᠯᠵᠤ ᠬᠠᠷᠢᠭᠤᠯᠵᠤ ᠳᠠᠢ᠌ᠯᠤᠰᠢ ᠥᠭᠡᠢ

ᠡᠨᠡᠷᠢᠯ ᠠᠴᠢ ᠶᠢ ᠴᠢᠨᠢ ᠳᠡᠮᠳᠡᠭᠯᠡᠶ᠎ᠡ

ᠥᠨᠡᠭᠡᠨ ᠬᠠᠷᠠᠩᠭ᠋ᠤᠢ ᠶᠢ ᠳᠠᠮᠳᠠᠷᠢᠨ ᠪᠣᠰᠴᠤ

ᠦᠨᠢᠶᠠᠨ ᠵᠠᠯᠠᠨ ᠳᠡᠭᠡᠷ᠎ᠡ ᠪᠠᠨ ᠨᠠᠷᠠ ᠣᠷᠭᠤᠭᠤᠯᠤᠭᠰᠠᠨ

ᠦᠪᠡᠷ ᠤᠨ ᠭᠦᠮᠤᠨ ᠤ ᠭᠢ ᠭᠡᠵᠤ ᠢᠯᠭᠠᠯ ᠦᠭᠡᠶ ᠢᠷᠡᠭ᠍ᠰᠡᠨ

ᠦᠷᠤ ᠵᠥᠭᠡᠯᠡᠨ ᠰᠡᠳᠭᠢᠯ ᠢ ᠴᠢᠨᠢ

ᠦᠳᠡᠰᠢ ᠪᠦᠷᠢ ᠶᠢᠨ ᠯᠠ ᠶᠢᠨ ᠭᠡᠷᠡᠯ ᠳᠤ

ᠣᠢ᠌ᠯᠠ ᠣᠳᠠᠰᠤᠨ ᠤ ᠣᠶᠤᠳᠠᠯ ᠵᠥᠳᠡᠷᠡᠭᠦᠯᠦᠭ᠍ᠰᠡᠨ

ᠦᠨᠡᠠᠴᠢ ᠴᠠᠢ᠌ᠯᠭᠠᠨ ᠠᠷᠠᠠᠰᠢᠨ ᠢ ᠴᠢᠨᠢ

ᠥᠭᠡ ᠪᠠᠷ ᠪᠢᠰᠢ ᠰᠡᠳᠭᠢᠯ ᠶᠢᠡᠷ ᠶᠢᠡᠨ ᠳᠡᠮᠳᠡᠭᠯᠡᠶ᠎ᠡ


ᠬᠠᠨ᠎ᠠ ᠪᠠᠨ ᠡᠷᠭᠦᠵᠤ ᠴᠢᠳᠠᠯ ᠣᠷᠤᠭ ᠭᠡᠵᠤ

ᠬᠠᠷ᠎ᠠ ᠪᠠᠭ᠎ᠠ ᠡᠴᠡ ᠮᠢᠨᠢ ᠳᠠᠪᠳᠠᠭᠰᠠᠨ

ᠬᠠᠯᠠ ᠦᠵᠡᠵᠤ ᠬᠠᠰᠢᠷ ᠪᠣᠯᠤᠭ ᠭᠡᠵᠤ

ᠬᠠᠳᠠ ᠴᠢᠯᠠᠭᠤ ᠠᠪᠠᠷᠢᠭᠤᠯᠤᠭᠰᠠᠨ

ᠬᠠᠢ᠌ᠷ᠎ᠠ ᠶᠢᠨ ᠨᠠᠪᠴᠢᠯᠳᠤ ᠡᠵᠢ ᠶᠢᠨ ᠰᠡᠳᠭᠢᠯ

ᠬᠠᠨᠠᠭᠠᠷ ᠬᠤᠷᠸ᠎ᠠ ᠳᠤ ᠬᠤᠪᠣᠷᠬᠠᠨ ᠶᠤᠮ

ᠬᠠᠮᠤᠭ ᠰᠡᠳᠭᠢᠯ ᠶᠢᠡᠨ ᠴᠥᠭᠦᠷᠡᠳᠡᠯ᠎ᠡ ᠵᠢᠦᠡᠭᠦᠭ᠍ᠰᠡᠨ ᠤ

ᠬᠠᠷᠢᠭᠤ ᠶᠢ ᠭᠦᠢᠴᠡᠭᠡᠵᠤ ᠪᠢᠳᠠ ᠪᠠᠷᠠᠰᠢ ᠥᠭᠡᠢ

ᠭᠦᠮᠤᠨ ᠤ ᠬᠡᠦᠬᠡᠳ ᠲᠤ ᠳᠤᠷᠤᠮᠵᠢᠯᠠᠭᠳᠠᠭ᠎ᠠ ᠭᠡᠵᠤ

ᠡᠵᠢ ᠮᠢᠨᠢ ᠪᠢᠳᠠᠨ ᠢ ᠥᠮᠦᠭᠡᠷᠡᠳᠡᠭ᠌ ᠥᠭᠡᠢ

ᠭᠦᠷᠮ᠎ᠡ ᠶᠢᠨ ᠮᠢᠨᠢ ᠬᠠᠭᠵᠠᠷᠬᠠᠢ ᠶᠢ ᠮᠢᠨᠢ ᠣᠶᠠᠵᠤ ᠦᠭ‍ᠭᠦᠭᠡᠳ

ᠡᠪᠦᠷ ᠳᠦᠭᠦᠷᠡᠩ ᠪᠠᠭᠳᠠᠭᠠᠮᠵᠢ ᠪᠠᠯᠡᠭᠯᠡᠭ᠍ᠰᠡᠨ

ᠭᠦᠳᠦᠰᠤᠨ ᠳᠠᠪᠠᠯ ᠶᠢᠡᠨ ᠭᠤᠯᠤᠯ ᠦᠭᠡᠶ ᠶᠠᠪᠣ ᠭᠡᠵᠤ

ᠡᠷᠭᠡ ᠬᠠᠳᠠᠭᠤ ᠡᠴᠡ ᠵᠠᠢ᠌ᠯᠠᠭᠤᠯᠬᠤ ᠣᠬᠠᠭᠠᠨ ᠦᠭ‍ᠭᠦᠭ᠍ᠰᠡᠨ

ᠡᠷᠴᠢ ᠬᠠᠳᠠᠭᠤ ᠵᠤᠷᠢᠭ ᠶᠢᠡᠷ ᠵᠢᠠᠨ

ᠡᠭᠦᠷᠢᠳᠡ ᠭᠦᠰᠡᠯ ᠤᠨ ᠶᠢᠡᠨ ᠲᠦᠯᠦᠭᠡ ᠳᠠᠮᠠᠴᠠ ᠭᠡᠵᠤ

ᠡᠷᠭᠢᠨᠡᠭ᠌ ᠤᠨ ᠶᠢᠡᠨ ᠳᠡᠷᠭᠡᠳᠡ ᠪᠠᠨ

ᠥᠭᠡ ᠦᠭᠡᠶ ᠰᠤᠷᠭᠠᠯ ᠬᠠᠢ᠌ᠷᠠᠯᠠᠭᠰᠠᠨ

ᠡᠵᠢ ᠶᠢᠨ ᠮᠢᠨᠢ ᠭᠡᠰᠡᠨ ᠬᠤᠷᠸ᠎ᠠ

ᠡᠭᠡᠯ ᠪᠣᠷᠤᠭᠵᠢᠭᠤᠨ ᠥᠩᠭᠡ ᠪᠣᠳᠤᠭ ᠶᠢᠡᠷ ᠵᠢᠠᠨ

ᠡᠳᠡᠭᠡᠳ ᠬᠠᠳᠠᠭᠤ ᠰᠦᠰᠦ ᠵᠤᠷᠢᠭ ᠶᠢᠡᠷ ᠵᠢᠠᠨ

ᠡᠩᠭᠡ ᠮᠠᠳᠤ ᠶᠢᠨ ᠰᠥᠰᠦᠭ᠌ ᠪᠢᠰᠢᠷᠠᠯ ᠶᠢᠡᠷ ᠵᠢᠠᠨ

ᠡᠭᠡᠷᠤᠯ ᠶᠢᠡᠨ ᠠᠳᠠᠯᠢ ᠡᠷᠭᠢᠯᠳᠦᠭᠡᠳ ᠯᠠ ᠢᠷᠡᠭ᠍ᠰᠡᠨ ᠶᠤᠮ


ᠵᠤᠨ ᠤ ᠨᠠᠷᠠᠨ ᠤ ᠬᠠᠯᠠᠭᠤᠨ ᠳ᠋ᠤ

ᠵᠤᠯᠠᠢ ᠶᠢᠨ ᠴᠢᠨᠢ ᠭᠦᠯᠦᠰᠤ ᠶᠢ ᠠᠷᠴᠢᠭᠠᠤᠨ ᠦᠭ‍ᠭᠦ ᠵᠢ

ᠵᠤᠪᠠᠭᠤᠷᠢ ᠵᠥᠳᠡᠭᠦᠷᠢ ᠶᠢᠨ ᠴᠢᠨᠢ ᠬᠠᠭᠠᠰ ᠢ

ᠵᠤᠰᠠᠭᠠᠯ ᠡᠴᠡ ᠴᠢᠨᠢ ᠳᠡᠭᠡᠭᠡᠳ ᠶᠠᠪᠣᠬᠤ ᠵᠢ

ᠵᠤᠵᠠᠭᠠᠷᠠᠳᠠᠯ᠎ᠠ ᠰᠠᠨᠠᠵᠤ ᠯᠠ ᠦᠰᠴᠠᠢ

ᠵᠤᠳ ᠤᠨ ᠭᠤᠷᠪᠠ ᠶ‍ᠢᠰᠤ ᠳᠤ

ᠵᠤᠤᠬᠠᠨ ᠤ ᠴᠢᠨᠢ ᠭᠠᠯ ᠢ ᠨᠡᠮᠡᠭᠦ ᠵᠢ

ᠵᠤᠯ ᠦᠭᠡᠶ ᠨᠢᠭᠡᠨ ᠨᠠᠰᠤ ᠶᠢ ᠴᠢᠨᠢ

ᠵᠤᠤ ᠪᠣᠷᠬᠠᠨ ᠳᠤ ᠭᠤᠶᠤᠵᠤ ᠪᠠᠢ᠌ᠭᠠᠤᠨ

ᠵᠢᠭᠠᠬᠠᠨ ᠴᠤ ᠭᠡᠰᠡᠨ ᠥᠭᠡᠷᠡᠴᠢᠯᠡᠭᠦ ᠵᠢ

ᠵᠤᠨ ᠡᠪᠦᠯ ᠦᠭᠡᠶ ᠰᠠᠨᠠᠵᠤ ᠯᠠ ᠶᠠᠪᠣᠵᠠᠢ


ᠵᠦᠪ ᠯᠠ ᠵᠠᠮ ᠶᠢᠡᠷ ᠶᠠᠪᠣ ᠭᠡᠵᠤ

ᠵᠦᠳᠡᠷᠡᠯ ᠶᠢᠡᠷ ᠶᠢᠡᠨ ᠵᠢᠭᠠᠭᠰᠠᠨ ᠶᠤᠮ

ᠵᠥᠪᠭᠡᠨ ᠦᠨᠡᠨ ᠤ ᠲᠦᠯᠦᠭᠡ ᠣᠴᠢ ᠭᠡᠵᠤ

ᠵᠢᠦᠡᠭᠦᠯ ᠶᠢᠡᠷ ᠶᠢᠡᠨ ᠰᠤᠷᠭᠠᠭᠰᠠᠨ ᠶᠤᠮ

ᠵᠥᠩᠳᠡᠭᠡᠨ ᠣᠯᠠᠨ ᠰᠤᠷᠭᠠᠯ ᠵᠢᠠᠨ

ᠵᠦᠩᠨᠠᠯ ᠶᠢᠡᠷ ᠶᠢᠡᠨ ᠪᠠᠶᠡᠯᠡᠭᠦᠯᠦᠭ᠍ᠰᠡᠨ ᠶᠤᠮ

ᠰᠢᠩᠭᠡᠷᠡᠵᠤ ᠣᠨᠠᠭᠰᠠᠨ ᠭᠡᠵᠢᠭᠡᠨ ᠤ ᠴᠢᠨᠢ ᠳᠤᠳᠤᠯ ᠪᠦᠷᠢ ᠨᠢ

ᠰᠢᠷᠭᠡᠭ᠌ ᠰᠢᠷᠭᠡᠭ᠌ ᠶᠢᠡᠷ ᠶᠢᠡᠨ ᠰᠡᠳᠭᠢᠯ ᠴᠢᠨᠢ ᠪᠠᠢ᠌ᠵᠠᠢ

ᠰᠢᠷᠭᠢᠰᠢ ᠦᠭᠡᠶ ᠬᠠᠢ᠌ᠷ᠎ᠠ ᠶᠢᠨ ᠭᠦᠨ ᠳᠠᠯᠠᠢ

ᠰᠢᠮᠡᠭᠦᠯᠵᠤ ᠣᠭᠤᠷᠠᠭ ᠰᠦ᠋ ᠪᠠᠷ ᠶᠢᠡᠨ ᠥᠰᠭᠡᠭ᠍ᠰᠡᠨ ᠡᠵᠢ ᠮᠢᠨᠢ

ᠰᠢᠨᠠᠭ᠎ᠠ ᠳᠦᠭᠦᠷᠡᠩ ᠰᠦ᠋ ᠶᠢᠨ ᠰᠠᠴᠤᠯᠢ ᠴᠢᠨᠢ

ᠰᠠᠶ᠎ᠠ ᠪᠣᠮᠠᠨ ᠤ ᠰᠡᠳᠭᠢᠯ ᠳᠤ ᠭᠦᠷᠭᠦ ᠶᠤᠮ

ᠰᠢᠷᠭᠠᠭᠤ ᠬᠠᠳᠠᠭᠤ ᠨᠠᠰᠤ ᠵᠢᠯ ᠲᠡᠶ ᠴᠢᠨᠢ ᠬᠠᠮᠳᠤ

ᠰᠢᠨ᠎ᠡ ᠡᠷᠡᠨ ᠤ ᠦᠷ ᠡᠭᠦᠷᠢᠳᠡ ᠠᠮᠤᠭᠤᠯᠠᠩ ᠭᠡᠭᠡᠷᠡᠭᠦ ᠶᠤᠮ


ᠳᠤᠰ ᠰᠢᠯᠦᠭ᠌ ᠢ 《ᠪᠠᠶᠠᠯᠢᠭ ᠰᠠᠢ᠌ᠬᠠᠨ ᠭᠡᠰᠢᠭ᠍ᠳᠡᠨ》 ᠰᠡᠳᠭᠦᠯ ᠳᠡᠭᠡᠷ᠎ᠡ2006 ᠣᠨ ᠳᠤ ᠨᠡᠢ᠌ᠳᠡᠯᠡᠭᠦᠯᠵᠤ᠂ ᠳᠠᠭᠢᠨ ᠪᠠᠭ᠎ᠠ ᠵᠠᠰᠠᠪᠣᠷᠢ ᠣᠷᠤᠭᠤᠯᠪᠠ


ᠵᠤᠬᠢᠶᠠᠭᠴᠢ ᠶᠢᠨ ᠬᠠ‍‌ᠶᠢᠭ ᠄ ᠦᠪᠣᠷ ᠮᠤᠩᠭ᠋ᠤᠯ ᠤᠨ ᠭᠡᠰᠢᠭ᠍ᠳᠡᠨ ᠬᠤᠰᠢᠭᠤ

ᠵᠤᠬᠢᠶᠠᠭᠴᠢ᠄ ᠠᠯᠳᠠᠠᠳᠠᠯᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3192
ᠴᠠᠭ᠄ 2010 ᠤᠨ ᠤ 10 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ