ᠨᠡᠪᠲᠡᠷᠡᠨ ᠤᠷᠤᠬᠤ
ᠳᠤᠶᠠᠭᠠᠳᠤ ᠰᠦᠨᠢ ᠶᠢᠨ ᠠᠶᠠᠯᠠᠯ

ᠮᠢᠨᠤ ᠪᠠᠷᠠᠭᠠᠨ ᠣᠢ᠌ᠤᠠᠬᠠᠷ ᠢ ᠴᠠᠰᠤ ᠦᠯᠳᠠᠵᠤ ᠪᠠᠢ᠌ᠨ᠎ᠠ

ᠮᠤᠩᠭ᠋ᠤᠯ ᠤᠨ ᠭᠡᠭᠡᠷ᠎ᠡ ᠳᠠᠯ᠎ᠠ ᠶᠢ ᠴᠠᠰᠤ ᠥᠩᠭᠡᠯᠡᠵᠤ ᠪᠠᠢ᠌ᠨ᠎ᠠ

ᠴᠠᠭᠠᠨ ᠬᠤᠳᠠ ᠶᠢᠨ ᠬᠠᠭᠤᠴᠢᠨ ᠪᠠᠭᠤᠷᠢ ᠳᠡᠭᠡᠷ᠎ᠡ

ᠴᠠᠭ ᠤᠨ ᠣᠷᠳᠤ ᠶᠢ ᠡᠯᠡᠭᠡᠭ᠍ᠰᠡᠨ ᠠᠮᠠᠷ ᠮᠤᠳᠤᠨ ᠤ

ᠡᠪᠦᠭᠡᠨ ᠮᠦᠴᠢᠷ ᠳᠡᠭᠡᠷ᠎ᠡ

ᠦᠨᠦ ᠦᠳᠡᠰᠢ ᠴᠠᠰᠤ ᠬᠠᠶᠠᠯᠠᠨ᠎ᠠ

ᠣᠳᠤᠨ ᠰᠠᠷᠠᠨ ᠤ ᠭᠡᠯᠳᠡᠷᠭᠡᠢ

ᠳᠡᠯᠡᠭᠡᠢ ᠳᠦᠭᠦᠷᠡᠩ ᠪᠣᠳᠠᠷᠠᠨ᠎ᠠ

ᠣᠷᠴᠢᠯᠠᠩ ᠳᠤ ᠡ᠊ᠨᠳᠡᠭ᠍ᠰᠡᠨ ᠬᠤᠨ ᠤ ᠦᠳᠦᠨ

ᠳᠡᠭ᠍ᠷᠢ ᠳᠦᠭᠦᠷᠡᠩ ᠭᠡᠢ᠌ᠰᠦᠨ᠎ᠡ

ᠠᠮᠤᠷᠯᠢᠩᠭ᠋ᠤᠢ ᠣᠠᠳᠠᠭᠰᠠᠨ ᠡᠷᠳᠡᠨ ᠤ ᠨᠢᠭᠡᠨ ᠵᠡᠭᠦᠳᠤ

ᠠᠢ ᠳ᠋ᠠ᠂ ᠮᠢᠨᠤ ᠰᠡᠭᠦᠵᠤ ᠥᠵᠡᠭᠡ ᠦᠭᠡᠶ ᠬᠠᠭᠤᠳᠠᠰᠤ

ᠠᠯᠠᠭ ᠴᠤᠬᠤᠷ ᠮᠦᠷ ᠶᠢᠡᠷ ᠶᠢᠡᠨ ᠪᠢ

ᠠᠷᠢᠭᠤᠨ ᠴᠠᠭᠠᠨ ᠢ ᠊ᠭ᠍‍ᠬᠢᠷᠳᠦᠭᠡᠵᠤ ᠳᠦᠪᠳᠡᠭᠦ ᠦᠭᠡᠶ

ᠠᠶᠠᠷᠬᠠᠨ ᠭᠦᠪᠦᠭ᠍ᠰᠡᠭᠡᠷ ᠣᠶᠠᠬᠠᠨ ᠵᠥᠭᠡᠯᠡᠨ ᠳᠤᠶᠠᠭᠠᠨ ᠳᠤᠮᠳᠠᠭᠤᠷ ᠵᠤᠷᠴᠢᠨ᠎ᠠ

ᠬᠠᠪᠣᠷ ᠤᠨ ᠴᠠᠰᠤᠨ᠂ ᠰᠦᠨᠢ ᠪᠠᠷ ᠬᠠᠶᠠᠯᠠᠨ᠎ᠠ

ᠬᠠᠷᠠᠩᠭ᠋ᠤᠢ ᠳᠤ ᠪᠢ ᠭᠡᠷᠡᠯ ᠢ ᠳᠠᠮᠠᠴᠠᠨ ᠠᠶᠠᠯᠠᠨ᠎ᠠ

ᠡᠯᠢᠭᠡ ᠪᠦᠳᠤᠨ ᠨᠤᠳᠤᠭ ᠪᠠᠢ᠌ᠯ᠎ᠠ ᠭᠡᠵᠤ ᠳᠤᠷᠭᠠᠨ ᠠᠯᠠᠭ᠎ᠠ ᠪᠠᠷ ᠶᠢᠡᠨ

ᠴᠠᠰᠤ ᠢᠯᠪᠢᠭᠦᠢ

ᠡᠪᠦᠯ ᠳᠤ ᠪᠠᠨ ᠴᠤ ᠪᠦᠯᠢᠶᠡᠭᠡᠨ ᠠᠯᠳᠠᠨ ᠰᠢᠷᠤᠢ ᠳᠤ

ᠴᠢᠮᠡᠭᠡ ᠦᠭᠡᠶ ᠠᠭᠤᠰᠬᠤᠢ

ᠳᠦᠢᠦᠡᠭᠡᠷᠳᠤ ᠬᠠᠷ᠎ᠠ ᠳᠡᠷᠢᠭᠦᠳᠡᠨ ᠤ ᠶᠠᠯ᠎ᠠ ᠨᠢᠭᠦᠯ ᠢ

ᠲᠦᠮᠡᠨ ᠨᠢᠳᠤᠳᠤ ᠳᠡᠭ᠍ᠷᠢ ᠠᠭᠤᠴᠢᠯᠠᠬᠤ ᠦᠭᠡᠶ

ᠳᠡᠭ᠍ᠰᠢ ᠠᠷᠢᠭᠤᠨ ᠤ ᠪᠦᠷᠢᠯᠸ᠎ᠡ

ᠳᠦᠨᠠᠷ ᠬᠠᠷᠠᠩᠭ᠋ᠤᠢ ᠳᠤ ᠰᠦᠨ ᠴᠡᠴᠡᠭ᠌ ᠶᠢᠡᠨ ᠰᠠᠴᠤᠵᠤ ᠪᠠᠢ᠌ᠨ᠎ᠠ

ᠭᠠᠵᠠᠷ ᠤᠨ ᠰᠢᠷᠬ᠎ᠠ ᠠᠨᠠᠵᠤ ᠡᠭᠢᠯᠡᠯ᠎ᠡ

ᠭᠠᠩᠳᠠᠮᠠᠯ ᠳᠠᠯ᠎ᠠ ᠬᠠᠨᠤᠵᠤ ᠡᠭᠢᠯᠡᠯ᠎ᠡ

ᠨᠢᠯᠬ᠎ᠠ ᠨᠤᠭᠤᠭ᠎ᠠ ᠴᠠᠰᠤᠨ ᠤ ᠰᠢᠮ᠎ᠠ ᠪᠠᠷ

ᠭᠦᠷᠦᠰᠤᠨ ᠡᠴᠡ ᠴᠤᠬᠣᠢ᠌ᠬᠤ ᠠᠮᠢᠯᠠᠯ

ᠨᠠᠢ᠌ᠷᠠᠭ ᠤᠨ ᠠᠳᠠᠷ ᠲᠤ ᠰᠢᠯᠦᠭ᠌ ᠤᠨ ᠰᠠᠨᠠᠭ᠎ᠠ

ᠰᠡᠳᠭᠢᠯ ᠡᠴᠡ ᠣᠷᠭᠤᠬᠤ ᠪᠠᠶᠠᠰᠤᠯ

ᠴᠠᠰᠤᠨ ᠤ ᠨᠣᠢ᠌ᠳᠠᠨ ᠳᠤᠶᠠᠭ᠎ᠠ

ᠰᠢᠯᠦᠭ᠌ ᠤᠨ ᠣᠷᠮᠠᠰ ᠢ ᠠᠰᠠᠭᠠᠵᠤ

ᠴᠠᠪ ᠴᠠᠭᠠᠨ ᠭᠡᠯᠳᠡᠰ

ᠴᠠᠭ ᠤᠨ ᠪᠣᠵᠠᠷ ᠢ ᠰᠦᠯᠡᠵᠦ

ᠮᠢᠨᠤ ᠡᠮᠦᠨ᠎ᠡ ᠵᠠᠮ ᠴᠠᠢ᠌ᠷᠠᠯ᠎ᠠ

ᠵᠠᠮ ᠤᠨ ᠥᠵᠦᠭᠦᠷ ᠲᠤ

ᠥᠤᠷ ᠴᠠᠢ᠌ᠯ᠎ᠠ

ᠵᠤᠬᠢᠶᠠᠭᠴᠢ᠄ ᠳ᠋·ᠲᠦᠮᠡᠠᠰᠠᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2637
ᠴᠠᠭ᠄ 2008 ᠤᠨ ᠤ 12 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ