ᠨᠡᠪᠲᠡᠷᠡᠨ ᠤᠷᠤᠬᠤ
ᠠᠯᠠᠱᠠ ᠪᠠᠷ ᠠᠶᠠᠯᠠᠭᠰᠠᠨ ᠤ ᠳᠦᠷᠦᠭ᠍ᠳᠡᠯ

1᠂ ᠡᠵᠡᠨ᠎ᠡ ᠶᠢᠨ ᠳᠤᠤᠷᠠᠢ ᠶᠢ ᠰᠤᠨᠢᠷᠬᠠᠭᠠᠤᠨ


ᠡᠯᠡᠰᠤ ᠨᠢ ᠥᠷᠭᠡᠨ ᠭᠤᠪᠢ ᠨᠢ ᠠᠭᠤᠳᠠᠮ

ᠠᠯᠠᠱᠠ ᠨᠤᠳᠤᠭ ᠶᠢᠡᠷ ᠭᠦᠷᠦᠭᠡᠳ

ᠡᠨᠡ ᠬᠤᠷᠸ᠎ᠠ ᠶᠢᠨ ᠳᠠᠭᠤᠯᠠᠯᠳᠤ ᠣᠷᠭᠤᠮᠠᠯ

ᠳᠤᠤᠷᠠᠢ ᠶᠢᠨ ᠮᠤᠳᠤ ᠶᠢ ᠥᠵᠡᠭᠦᠶ᠎ᠡ

ᠬᠤᠯᠠ ᠶᠢᠨ ᠠᠶᠠᠯᠠᠯ ᠤᠨ ᠵᠦᠳᠡᠷᠡᠯ ᠢ ᠳᠠᠢ᠌ᠯᠵᠤ

ᠪᠠᠶ᠎ᠠ ᠰᠡᠳᠭᠢᠯ ᠢ ᠰᠤᠷᠢᠠᠵᠢᠠᠳᠠᠪᠠ

ᠬᠤᠤᠰ ᠠᠯᠠᠭ ᠨᠢᠳᠤ ᠶᠢ ᠬᠤᠵᠢᠷᠯᠠᠵᠤ

ᠰᠢᠯᠦᠭ᠌ ᠤᠨ ᠣᠷᠮ᠎ᠠ ᠶᠢ ᠭᠦᠭ᠍ᠵᠢᠭᠡᠪᠡ

ᠠᠷᠪᠠᠨ ᠰᠠᠷ᠎ᠠ ᠶᠢᠨ ᠠᠩᠬᠠᠨ ᠤ ᠡᠳᠦᠷ ᠢ

ᠪᠠᠶᠠᠷᠯᠠᠨ ᠣᠭᠳᠤᠭ᠎ᠠ ᠴᠤ ᠶᠤᠮ ᠦᠦ ︖

ᠠᠯᠳᠠᠨ ᠰᠢᠷᠭᠠᠯ ᠮᠤᠩᠭ᠋ᠤᠯ ᠳᠡᠷᠯᠢᠭ᠌ ᠶᠢᠡᠷ

ᠳᠤᠤᠷᠠᠢ ᠶᠢᠨ ᠮᠤᠳᠤᠳ ᠬᠤᠪᠴᠠᠯᠠᠵᠠᠢ

ᠠᠷᠢᠭᠤᠨ ᠬᠠᠳᠠᠭ ᠲᠡᠶ ᠠᠢ᠌ᠷᠠᠭ ᠤᠨ ᠳᠡᠭᠡᠵᠢ ᠪᠠᠨ

ᠡᠷᠭᠦᠨ ᠪᠠᠷᠢᠭ᠎ᠠ ᠴᠤ ᠶᠤᠮ ᠦᠦ ︖

ᠠᠶᠠᠷᠬᠠᠨ ᠣᠷᠤᠰᠬᠤ ᠡᠵᠡᠨ᠎ᠡ ᠭᠤᠤᠯ

ᠪᠠᠶᠠᠷ ᠤᠨ ᠮᠦᠰᠢᠶᠠᠳᠤ ᠪᠠᠷ ᠣᠭᠳᠤᠨ᠎ᠠ

ᠣᠷᠭᠤᠬᠤ ᠨᠠᠷᠠᠨ ᠵᠡᠭᠦᠨ ᠡᠴᠡ ᠮᠠᠠᠳᠤᠬᠤ

ᠪᠠᠳᠠᠷᠠᠩᠭ᠋ᠤᠢ ᠴᠠᠭ ᠢ ᠵᠠᠪᠳᠤᠨ

ᠣᠷᠮ᠎ᠠ ᠪᠠᠨ ᠰᠡᠷᠭᠦᠭᠡᠭ᠍ᠴᠢ ᠵᠤᠭᠠᠴᠠᠯ ᠤᠨ ᠡᠩᠨᠡᠭᠡ

ᠨᠠᠭᠠᠰᠢ ᠴᠠᠭᠠᠰᠢ ᠵᠦᠷᠢᠯᠳᠤᠨ᠎ᠠ

ᠣᠨᠠᠬᠤ ᠨᠠᠷᠠᠨ ᠢ ᠪᠠᠷᠠᠭᠤᠨ᠎ᠠ ᠨᠢᠭᠤᠬᠤ

ᠦᠳᠡᠰᠢ ᠶᠢᠨ ᠭᠦᠰᠢᠭᠡ ᠡᠴᠡ ᠠᠮᠵᠢᠨ

ᠣᠷᠮᠠᠰᠢᠭᠰᠠᠨ ᠪᠦᠭᠦᠨ ᠤ ᠰᠡᠭᠦᠳᠡᠷ ᠤᠨ ᠮᠠᠰᠢᠨ

ᠵᠠᠢ ᠡᠷᠢᠨ ᠶᠠᠭᠠᠷᠠᠯᠳᠤᠨ᠎ᠠ

《ᠠᠮᠢᠳᠤ ᠯᠠ ᠪᠠᠢ᠌ᠪᠠᠯ ᠮᠢᠩᠭ᠋ᠠᠨ ᠵᠢᠯ ᠳᠤ

ᠥᠭᠦᠰᠢ ᠦᠭᠡᠶ ᠠᠮᠢᠯᠠᠭᠤᠨ

ᠠᠮᠢ ᠪᠠᠨ ᠠᠯᠳᠠᠴᠢᠬᠠᠪᠠᠴᠤ ᠮᠢᠩᠭ᠋ᠠᠨ ᠵᠢᠯ ᠳᠤ

ᠣᠨᠠᠰᠢ ᠦᠭᠡᠶ ᠪᠣᠰᠤᠭ᠎ᠠ

ᠣᠨᠠᠭᠠᠤᠨ ᠭᠡᠪᠳᠡᠴᠢᠭᠡᠪᠠᠴᠤ ᠮᠢᠩᠭ᠋ᠠᠨ ᠵᠢᠯ ᠳᠤ

ᠢᠯᠵᠢᠷᠠᠰᠢ ᠦᠭᠡᠶ ᠳᠠᠰᠪᠣᠷᠢ》

ᠣᠯᠠᠮᠵᠢᠯᠠᠨ ᠳᠠᠮᠵᠢᠭᠰᠠᠨ ᠳᠤᠤᠷᠠᠢ ᠶᠢᠨ ᠳᠤᠮᠤᠭ ᠢ

ᠡ᠊ᠨᠳᠡᠭᠢ ᠲᠦᠮᠡᠨ ᠥᠭᠦᠯᠡᠨ᠎ᠡ

ᠬᠤᠪᠠ ᠶᠢᠨ ᠥᠩᠭᠡ ᠪᠠᠷ ᠰᠢᠷᠭᠠᠯᠳᠤᠨ ᠣᠷᠭᠤᠭ᠎ᠠ

ᠠᠮᠢᠳᠤ ᠳᠤᠤᠷᠠᠢ ᠶᠢ ᠦᠵᠡᠯ᠎ᠠ

ᠬᠠᠨ᠎ᠠ ᠪᠠᠷ ᠭᠦᠷᠢᠶᠡᠯᠡᠭ᠍ᠰᠡᠨ ᠭᠤᠷᠪᠠᠨ ᠮᠢᠩᠭ᠋ᠠᠨ ᠤ ①

ᠣᠩᠭ᠋ᠤᠨ ᠳᠤᠤᠷᠠᠢ ᠶᠢ ᠰᠤᠨᠢᠷᠬᠠᠯ᠎ᠠ

ᠭᠠᠩ ᠤᠨ ᠣᠷᠰᠢᠭ ᠶᠢᠡᠷ ᠦᠨᠳᠦᠰᠦ ᠨᠢ ᠥᠭᠦᠭ᠍ᠰᠡᠨ

ᠪᠣᠰᠤᠭ᠎ᠠ ᠳᠤᠤᠷᠠᠢ ᠶᠢ ᠬᠠᠷᠠᠯ᠎ᠠ

ᠭᠠᠵᠠᠷ ᠤᠨ ᠣᠬᠤᠭᠳᠠᠯ ᠡᠴᠡ ᠰᠠᠯᠭᠢᠨ ᠳᠤ ᠣᠨᠠᠭᠰᠠᠨ

ᠭᠡᠪᠳᠡᠭᠡ ᠳᠤᠤᠷᠠᠢ ᠶᠢ ᠰᠢᠠᠵᠢᠯ᠎ᠠ

ᠣᠷᠭᠤᠵᠤ ᠯᠠ ᠪᠠᠢ᠌ᠪᠠᠯ ᠣᠳᠤᠮ ᠶᠢᠡᠨ ᠵᠠᠯᠭᠠᠭᠤᠯᠵᠤ

ᠣᠷᠤᠰᠢᠭᠰᠠᠨ ᠣᠷᠤᠨ ᠶᠢᠡᠨ ᠴᠢᠮᠡᠭᠯᠡᠨ᠎ᠡ

ᠣᠷᠭᠤᠬᠤ ᠮᠥᠷᠳᠡᠭᠡᠨ ᠣᠠᠴᠠᠯᠢᠭ ᠶᠢᠡᠨ ᠭᠠᠢ᠌ᠬᠠᠭᠤᠯᠵᠤ

ᠳᠡᠯᠡᠭᠡᠢ ᠶᠢᠨ ᠬᠠᠷᠠᠭ᠎ᠠ ᠶᠢ ᠳᠠᠳᠠᠨ᠎ᠠ

ᠭᠠᠩᠳᠠᠯ ᠢ ᠢᠯᠠᠵᠤ ᠪᠠᠳᠤ ᠣᠷᠤᠰᠢᠬᠤ ᠪᠠᠷ

ᠦᠨᠳᠦᠰᠦ ᠪᠠᠨ ᠭᠦᠨ ᠳᠤ ᠬᠠᠳᠬᠤᠨ᠎ᠠ

ᠬᠠᠳᠠᠵᠤ ᠥᠭᠦᠪᠠᠴᠤ ᠭᠦᠷᠦᠰᠤ ᠪᠠᠨ ᠬᠠᠮᠠᠭᠠᠯᠠᠵᠤ

ᠰᠠᠯᠭᠢ ᠲᠡᠶ ᠳᠠᠮᠠᠴᠠᠨ ᠵᠤᠭᠰᠤᠨ᠎ᠠ

ᠠᠩᠬ᠎ᠠ ᠳᠦᠷᠦᠭᠦᠤ ᠠᠵᠠ ᠲᠡᠶ ᠳᠠᠨᠢᠯᠴᠠᠭᠰᠠᠨ

ᠳᠤᠤᠷᠠᠢ ᠶᠢᠨ ᠳᠦᠷᠢ ᠶᠢ ᠵᠣᠢ᠌ᠷᠯᠠᠪᠠᠯ

ᠠᠰᠪᠣᠷᠢ ᠴᠡᠭ᠍ᠴᠢ ᠠᠭᠠᠯᠢ ᠨᠢ ᠰᠠᠢ᠌ᠬᠠᠨ

ᠡᠵᠡᠨ᠎ᠡ ᠮᠤᠩᠭ᠋ᠤᠯ ᠤᠨ ᠰᠢᠠᠵᠢ ᠯᠠ ᠶᠤᠮ

ᠳᠤᠮᠤᠭ ᠶᠢᠡᠨ ᠳᠠᠮᠵᠢᠭᠤᠯᠵᠤ ᠳᠠᠭᠤᠨ ᠳᠤ ᠮᠥᠩᠭᠡᠷᠡᠭᠦ

ᠳᠤᠤᠷᠠᠢ ᠶᠢᠨ ᠴᠢᠨᠠᠷ ᠢ ᠠᠮᠢᠳᠤᠴᠢᠯᠠᠪᠠᠯ

ᠳᠤᠷᠤᠮᠵᠢᠯᠠᠯ ᠢ ᠡᠰᠡᠷᠭᠦᠴᠡᠨ ᠨᠤᠳᠤᠭ ᠲᠠᠭᠠᠨ ᠪᠣᠴᠠᠭᠰᠠᠨ

ᠪᠠᠭᠠᠳᠤᠷᠯᠢᠭ ᠳᠤᠷᠭᠤᠤᠠᠴᠤᠳ ᠤᠨ ᠮᠦᠰᠤ ᠯᠠ ᠶᠤᠮ᠃


2᠂ ᠴᠢᠯᠠᠭᠤᠵᠢᠭᠰᠠᠨ ᠴᠤᠷᠪᠠᠭ᠎ᠠ


ᠭᠠᠳᠠᠭᠰᠢ ᠨᠠᠪᠴᠢᠵᠤ ᠬᠠᠭᠠᠰ ᠭᠠᠷᠤᠭ᠎ᠠ

ᠴᠠᠭᠠᠨ ᠳᠠᠭᠢᠶ᠎ᠠ ᠶᠢᠨ ᠴᠤᠷᠪᠠᠭ᠎ᠠ

ᠭᠠᠯᠪᠠ ᠶᠢᠨ ᠶᠡᠭᠦᠷᠡᠯᠳᠡ ᠡᠴᠡ ᠠᠯᠠᠱᠠ ᠶᠢᠨ ᠭᠦᠷᠦᠰᠦᠨ᠎ᠡ

ᠲᠦᠮᠡᠨ ᠣᠨ ᠪᠣᠯᠠᠭᠳᠠᠪᠠ

ᠭᠠᠩ ᠬᠠᠭᠤᠷᠠᠢ ᠭᠤᠪᠢ ᠨᠤᠳᠤᠭ ᠤᠨ

ᠣᠤᠭᠠᠯ ᠲᠦᠮᠡᠨ ᠶᠢᠡᠨ ᠬᠠᠷᠠᠭᠰᠠᠭᠠᠷ

ᠭᠠᠵᠠᠷ ᠡᠵᠢ ᠦᠷᠦ ᠡᠪᠠᠦᠡᠴᠤ

ᠨᠢᠭᠤᠭᠰᠠᠨ ᠡᠷᠳᠡᠨᠢ ᠪᠠᠨ ᠠᠭᠤᠳᠠᠯᠪᠠ

ᠭᠠᠷ ᠤᠨ ᠠᠶ᠎ᠠ ᠪᠠᠷ ᠳᠠᠮᠳᠠᠷᠢᠵᠤ ᠪᠠᠢ᠌ᠳᠠᠯ᠎ᠠ

ᠴᠢᠯᠠᠭᠤᠵᠢᠭᠰᠠᠨ ᠴᠤᠷᠪᠠᠭ᠎ᠠ ᠪᠠᠷᠢᠭᠳᠠᠪᠠ

ᠭᠠᠷᠭᠠᠭᠰᠠᠨ ᠢ ᠨᠢ ᠭᠠᠷᠳᠠᠬᠤ ᠳᠤ ᠬᠤᠷᠸ᠎ᠠ ᠶᠢᠨ ᠭᠠᠭᠴᠠ

ᠡᠷᠳᠡᠨᠢ ᠶᠢᠨ ᠳᠠᠭᠢᠶ᠎ᠠ ᠪᠠᠢ᠌ᠵᠠᠢ

ᠭᠠᠵᠠᠷ ᠤᠨ ᠮᠢᠨᠢ ᠴᠢᠯᠠᠭᠤ ᠭᠠᠵᠠᠷ ᠲᠠᠭᠠᠨ ᠭᠦᠡᠳᠤ ᠭᠡᠵᠤ

ᠡ᠊ᠨᠳᠡᠭᠢ ᠭᠦᠮᠦᠰ ᠨᠠᠠᠳᠢᠩᠨᠠᠪᠠ ᠦᠦ ︖

ᠭᠠᠳᠠᠨ᠎ᠠ ᠶᠢᠨ ᠣᠯᠠᠨ ᠮᠥᠩᠭᠦᠨ ᠳᠤᠯᠤᠮᠳᠠᠨ ᠳᠤ

ᠬᠤᠳᠠᠯᠳᠤᠭ᠎ᠠ ᠦᠭᠡᠶ ᠯᠠ ᠬᠠᠳᠠᠭᠠᠯᠠᠨ᠎ᠠ᠃


3᠂ ᠬᠠᠴᠢᠨ ᠴᠢᠯᠠᠭᠤᠨ ᠤ ᠵᠡᠭᠡᠯᠢ ᠶᠢ ᠳᠤᠭᠤᠷᠢᠭᠠᠤᠨ


ᠠᠮᠢ ᠲᠡᠶ ᠠᠮᠢ ᠦᠭᠡᠶ

ᠠᠷᠪᠢᠨ ᠯᠠ ᠶᠠᠭᠤᠮ᠎ᠠ ᠶᠢ ᠳᠦᠰᠦᠭᠡᠯᠡᠵᠤ ᠪᠦᠳᠦᠭ᠍ᠰᠡᠨ

ᠠᠯᠢ ᠭᠠᠵᠠᠷ ᠡᠴᠡ ᠠᠯᠢ ᠦᠶ᠎ᠡ

ᠶᠠᠭᠠᠭᠢᠵᠤ ᠭᠠᠷᠭᠠᠭᠰᠠᠨ ᠴᠢᠯᠠᠭᠤ ᠪᠣᠢ ︖ ᠠᠰᠠᠭᠤᠪᠠ

ᠠᠭᠤᠯᠠᠨ ᠡᠴᠡ ᠭᠠᠷᠤᠨ᠎ᠠ ᠭᠤᠪᠢ ᠡᠴᠡ ᠭᠠᠷᠤᠨ᠎ᠠ

ᠡᠯᠡᠰᠤᠨ ᠡᠴᠡ ᠪᠠᠰᠠ ᠭᠠᠷᠤᠨ᠎ᠠ

ᠣᠤᠯ ᠨᠢ ᠭᠠᠳᠠᠨᠠᠭᠢ ᠶᠢᠨ ᠭᠢ ᠮᠠᠯᠳᠠᠳᠠᠭ

ᠣᠳᠤ ᠮᠠᠨ ᠤ ᠭᠢᠨ ᠴᠤ ᠮᠠᠯᠳᠠᠨ᠎ᠠ᠃ ᠬᠠᠷᠢᠭᠤᠯᠪᠠ

ᠭᠠᠳᠠᠨ᠎ᠠ ᠴᠤ ᠬᠤᠳᠠᠯᠳᠤᠨ᠎ᠠ ᠭᠡᠷ ᠲᠤ ᠴᠤ ᠠᠷᠠᠯᠵᠢᠨ᠎ᠠ

ᠭᠠᠢ ②ᠪᠣᠯᠭᠠᠨ ᠴᠢᠯᠠᠭᠤᠨ ᠳᠡᠯᠭᠡᠭᠦᠷ

ᠭᠠᠵᠠᠷ ᠶᠢᠡᠨ ᠳᠠᠨ ᠤ ᠭᠢᠨᠢ

ᠭᠦᠡᠳᠡᠢ᠌ᠯᠵᠤ ᠳᠠᠭᠤᠰᠬᠠᠭ᠎ᠠ ᠦᠭᠡᠶ ᠪᠠ ︖ ᠠᠰᠠᠭᠤᠪᠠ

ᠭᠤᠪᠢ ᠶᠢᠨ ᠭᠦᠷᠦᠰᠤ ᠡᠯᠡᠰᠤ ᠶᠢᠨ ᠭᠠᠳᠠᠷᠭᠤ ᠪᠠᠷ

ᠠᠮᠢᠯᠠᠯᠳᠤ ᠣᠷᠭᠤᠮᠠᠯ ᠴᠥᠭᠡᠪᠤᠷᠬᠡᠨ ᠴᠤ

ᠭᠠᠵᠠᠷ ᠤᠨ ᠭᠦᠨ ᠤ ᠭᠠᠢ᠌ᠬᠠᠮ᠎ᠠ ᠴᠢᠯᠠᠭᠤᠳ

ᠭᠦᠮᠤᠨ ᠳᠤ ᠨᠠᠮᠠᠷᠢ ᠬᠠᠠᠳᠢᠪᠯᠠᠨ᠎ᠠ᠃ ᠬᠠᠷᠢᠭᠤᠯᠪᠠ

ᠳᠡᠭ᠍ᠷᠢᠯᠢᠭ᠌ ᠤᠨ ᠳᠡᠯᠡᠭᠡᠢ ᠪᠣᠶᠠᠠᠰᠠᠭ ᠪᠣᠯᠬᠤᠷ

ᠡᠷᠳᠡᠨᠢ ᠪᠠᠨ ᠶᠠᠷᠤ ᠨᠢ ᠬᠠᠷᠠᠮᠯᠠᠳᠠᠭ ᠦᠭᠡᠶ ᠶᠤᠮ ᠪᠠᠢ᠌ᠨ᠎ᠠ

ᠳᠡᠮᠡᠭᠡᠳᠤ ᠨᠤᠳᠤᠭ ᠤᠨ ᠴᠢᠯᠠᠭᠤ ᠪᠠᠷ ᠪᠠᠶᠠᠵᠢᠭ᠎ᠠ ᠨᠢ

ᠳᠡᠮᠡᠭᠡᠳᠤ ᠶᠢᠨ ᠪᠠᠢ᠌ᠪᠠᠴᠤ ᠡᠮᠦᠨᠡᠳᠤ ᠶᠢᠨ ᠭᠤᠤᠯᠳᠠᠨ᠎ᠠ

ᠳᠠᠷᠠ ᠴᠤ ᠶᠠᠭᠠᠭᠢᠬᠤᠪ

ᠳᠡᠮᠡᠭᠡᠳᠤ ᠶᠢᠨ ᠭᠤᠪᠢ ᠠᠭᠤᠳᠠᠮ ᠶᠡᠭᠡ ᠯᠠ ᠶᠤᠮ ᠴᠢᠨᠢ

ᠳᠠᠳᠠ ᠨᠢ ᠪᠠᠶᠠᠵᠢᠬᠤ ᠳᠤ

ᠳᠡᠮᠡᠭᠡᠳᠤ ᠨᠢ ᠴᠤ ᠳᠠᠭᠠᠭᠠᠤᠨ ᠪᠠᠶᠠᠵᠢᠬᠤ ᠯᠠ ᠪᠠᠢ᠌ᠬ᠎ᠠ ᠳ᠋ᠠ ︕


4᠂ ᠳᠡᠮᠡᠭᠡ


ᠳᠡᠮᠡᠭᠡ ᠣᠯᠠᠨ ᠲᠡᠶ ᠭᠠᠵᠠᠷ ᠢ

ᠳᠠᠠᠳᠠ ᠯᠠ ᠭᠡᠵᠤ ᠮᠠᠳᠠ

ᠳᠡᠷᠭᠡ ᠰᠤᠨᠤᠯᠵᠠᠭᠤᠯᠤᠭᠰᠠᠨ ᠭᠤᠪᠢ ᠪᠠᠷ

ᠳᠡ᠊ᠨᠳᠡᠭᠡ ᠡ᠊ᠨᠳᠡᠭᠡ ᠨᠢ ᠬᠠᠷᠠᠭᠳᠠᠨ᠎ᠠ

ᠭᠤᠪᠢ ᠨᠤᠳᠤᠭ ᠤᠨ ᠳᠡᠮᠡᠭᠡᠳ ᠭᠡᠵᠤ

ᠭᠤᠶᠤ ᠳᠡᠭᠡᠷ᠎ᠡ ᠪᠠᠨ ᠰᠥᠷᠯᠡᠭᠦᠨ

ᠭᠠᠳᠠᠨ᠎ᠠ ᠶᠢᠨ ᠪᠦᠭᠦᠨ ᠳᠤ ᠪᠠᠬᠠᠷᠠᠭᠳᠠᠵᠤ

ᠭᠠᠢ᠌ᠬᠠᠮ᠎ᠠ ᠳᠦᠷᠢ ᠪᠠᠨ ᠵᠢᠷᠤᠭᠯᠠᠭᠤᠯᠤᠨ᠎ᠠ

ᠵᠤᠭᠠᠴᠠᠯ ᠤᠨ ᠣᠯᠠᠨ ᠴᠢᠭ᠌ ᠶᠢᠡᠷ

ᠵᠤᠭᠳᠤᠷᠳᠤ ᠳᠡᠮᠡᠭᠡ ᠪᠦᠷ ᠯᠠ ᠪᠣᠢ

ᠵᠤᠭᠤᠰ ᠶᠢᠡᠨ ᠥᠭ᠍ᠪᠠᠯ ᠥᠢᠯᠡᠴᠢᠯᠡᠴᠢᠭᠡᠭᠡᠳ

ᠵᠤᠯ ᠲᠡᠶ ᠡᠵᠡᠨ ᠶᠢᠡᠨ ᠭᠦᠷᠦᠩᠭᠡᠵᠢᠭᠦᠯᠦᠨ᠎ᠡ

ᠳᠤᠭᠠᠯᠠᠯ ᠤᠨ ᠠᠷᠪᠠᠨ ᠬᠤᠶᠠᠷ ᠢ

ᠳᠤᠮᠤᠬᠠᠨ ᠪᠠᠶ᠎ᠠ ᠳᠡᠭᠡᠨ ᠪᠠᠭᠳᠠᠭᠠᠵᠤ

ᠳᠤᠭᠤᠰᠤᠳᠤ ᠳᠡᠯᠡᠭᠡᠢ ᠶᠢᠨ ᠭᠦᠷᠦᠰᠦᠨ᠎ᠡ

ᠳᠦᠯ ᠶᠢᠡᠨ ᠥᠷᠡᠵᠢᠭᠦᠯᠵᠤ ᠵᠢᠦᠡᠭᠦᠭ᠍ᠰᠡᠨ

ᠡᠯᠡᠰᠤ ᠭᠤᠪᠢ ᠶᠢᠨ ᠠᠭᠤᠳᠠᠮ ᠢ

ᠡᠷᠳᠡᠨᠢ ᠶᠢᠨ ᠳᠠᠪᠠᠭ ᠶᠢᠡᠷ ᠶᠢᠡᠨ ᠳᠠᠮᠠᠭᠠᠯᠠᠵᠤ

ᠡᠵᠡᠨ ᠠᠷᠠᠤᠨ ᠲᠡᠶ ᠪᠠᠨ ᠵᠤᠭᠢᠴᠠᠯᠳᠤᠵᠤ

ᠡᠩᠭᠦᠯ ᠳᠤᠩᠬᠤᠯ ᠢ ᠳᠤᠭᠤᠯᠤᠭᠰᠠᠨ

ᠮᠠᠩᠬᠠᠨ ᠳᠠᠯᠠᠢ ᠶᠢᠨ ᠣᠩᠭ᠋ᠤᠴᠠ ᠊᠊᠊᠊᠊᠊᠊᠊᠊᠊᠊᠊᠊᠊᠊

ᠮᠤᠩᠭ᠋ᠤᠯ ᠨᠤᠳᠤᠭ ᠤᠨ ᠴᠢᠮᠡᠭ᠌

ᠳᠠᠪᠤᠨ ᠬᠤᠰᠢᠭᠤᠳᠤ ᠳᠠᠭᠠᠨ ᠰᠥᠷᠯᠡᠭᠦᠨ

ᠳᠡᠮᠡᠭᠡ ᠮᠢᠨᠢ ᠣᠤᠯ ᠡᠴᠡ ᠪᠠᠨ ᠴᠥᠭᠡᠭᠡᠷᠵᠡᠢ

ᠮᠠᠯᠵᠢᠭᠰᠠᠨ ᠡᠵᠡᠨ ᠡᠴᠡ ᠪᠠᠨ ᠬᠠᠭᠠᠴᠠᠬᠤ ᠳ᠋ᠤ

ᠨᠢᠯᠪᠣᠰᠤ ᠪᠠᠨ ᠪᠦᠮᠪᠦᠷᠢᠭᠦᠯᠵᠤ ᠣᠭᠢᠯᠠᠳᠠᠭ

ᠮᠤᠩᠭ᠋ᠤᠯ ᠠᠷᠠᠤᠨ ᠤᠨ ᠶᠢᠡᠨ ᠰᠡᠳᠭᠢᠯ ᠳ᠋ᠤ

ᠨᠠᠠᠳᠢᠨ ᠡᠷᠳᠡᠨᠢ ᠪᠠᠷ ᠬᠠᠢ᠌ᠷᠠᠯᠠᠭᠳᠠᠭᠰᠠᠨ

ᠳᠡᠮᠡᠭᠡ ᠮᠠᠯ ᠮᠢᠨᠢ ᠬᠤᠷᠤᠢ᠂ ᠬᠤᠷᠤᠢ ︕

ᠳᠤᠭ᠎ᠠ ᠨᠢ ᠣᠯᠠᠰᠢᠷᠠᠭᠠᠤᠨ ᠬᠤᠷᠤᠢ᠂ ᠬᠤᠷᠤᠢ ︕

ᠠᠳᠠᠯᠠᠭᠳᠠᠯ ᠦᠭᠡᠶ ᠬᠤᠷᠤᠢ᠂ ᠬᠤᠷᠤᠢ ︕

ᠠᠰᠢᠭ ᠶᠢᠡᠨ ᠭᠠᠢ᠌ᠬᠠᠭᠤᠯᠤᠭᠠᠤᠨ ᠬᠤᠷᠤᠢ᠂ ᠬᠤᠷᠤᠢ ︕


5᠂ ᠬᠠᠷ᠎ᠠ ᠬᠤᠳᠠ ᠪᠠᠷ ᠠᠶᠠᠯᠠᠭᠠᠤᠨ


ᠱᠢᠶᠠ ᠶᠢᠨ ᠪᠠᠢ᠌ᠭᠤᠯᠵᠤ ᠶᠤᠸᠠᠨ ᠤ ᠪᠠᠭᠢᠵᠢᠭᠦᠯᠦᠭ᠍ᠰᠡᠨ

ᠨᠢᠭᠡᠨ ᠰᠠᠢ᠌ᠬᠠᠨ ᠬᠤᠳᠠ

ᠰᠢᠳᠠᠭᠠᠨ ᠳᠡᠭᠡᠷᠡᠮᠳᠡᠭᠦ ᠨᠢ ᠬᠠᠷᠠᠳᠠᠢ ᠭᠡᠴᠡᠭᠦᠤ

ᠮᠢᠩ ③ᠤᠨ ᠦᠶ᠎ᠡ ᠰᠣᠢ᠌ᠤᠠᠪᠠ

ᠬᠠᠭᠠᠨ ᠤ ᠴᠡᠷᠢᠭ᠌ ᠤᠨ ᠬᠠᠷ᠎ᠠ ᠪᠠᠭᠠᠳᠤᠷ

ᠬᠤᠳᠠ ᠶᠢ ᠰᠠᠭᠢᠨ ᠣᠳᠤᠷᠢᠳᠤᠳᠠᠭ ᠳᠤᠯᠠ

ᠬᠠᠮᠤᠭ ᠮᠤᠩᠭ᠋ᠤᠯ ᠨᠢ ᠡᠨᠡ ᠬᠤᠳᠠ ᠶᠢ

ᠬᠠᠷ᠎ᠠ ᠬᠤᠳᠠ ᠭᠡᠳᠡᠭ᠌ ᠭᠡᠨ᠎ᠡ

ᠬᠠᠯᠳᠠᠬᠤ ᠳᠠᠢ᠌ᠰᠤᠨ ᠬᠠᠷ᠎ᠠ ᠬᠤᠳᠠ ᠶᠢ

ᠣᠰᠤ ᠪᠠᠷ ᠬᠠᠴᠢᠵᠤ ᠪᠦᠰᠡᠯᠡᠭᠦ ᠳ᠋ᠤ

ᠬᠠᠷ᠎ᠠ ᠪᠠᠭᠠᠳᠤᠷ ᠰᠦᠷᠳᠠᠯ ᠦᠭᠡᠶ

ᠡᠷᠳᠡᠨᠢᠰ ᠶᠢᠡᠨ ᠭᠠᠵᠠᠷ ᠲᠤ ᠨᠢᠭᠤᠨ᠎ᠠ ᠭᠡᠨ᠎ᠡ

ᠬᠠᠷᠭᠢᠰ ᠡᠳᠡᠭᠡᠳ ᠭᠡᠷᠡᠮ ᠢ ᠳᠠᠪᠠᠨ

ᠳᠠᠭᠠᠷᠢᠨ ᠣᠷᠤᠬᠤ ᠶᠢᠨ ᠦᠶᠡᠰ ᠳᠤ

ᠬᠠᠳᠠᠭᠤ ᠡᠷ᠎ᠡ ᠭᠡᠷᠡᠮ ᠶᠢᠡᠨ ᠨᠥᠭᠡᠯᠡᠨ

ᠳᠠᠭᠠᠭᠰᠠᠤᠨ ᠶᠢᠡᠨ ᠠᠪᠤᠨ ᠵᠠᠢ᠌ᠯᠠᠵᠤ ᠭᠡᠨ᠎ᠡ

ᠳᠡᠮᠡᠭᠡᠨ ᠠᠶᠠᠨ ᠤ ᠳᠤᠷᠭᠠᠨ ᠵᠠᠮ④ ᠳ᠋ᠠᠭᠢ

ᠳᠠᠷᠠ ᠰᠠᠢ᠌ᠬᠠᠨ ᠪᠠᠭᠤᠴᠠ

ᠳᠦᠷᠢᠮᠡᠭᠡᠢ ᠳᠠᠢ᠌ᠰᠤᠨ ᠤ ᠭᠠᠯᠳᠠᠯ ᠳᠡᠭᠡᠷᠡᠮᠳᠡᠯ ᠊ᠤᠨ

ᠳᠠᠷᠠ ᠦᠶ᠎ᠡ ᠡᠴᠡ ᠰᠣᠢ᠌ᠤᠠᠪᠠ ᠭᠡᠨ᠎ᠡ

ᠣᠨ ᠵᠢᠯ ᠭᠡᠴᠦᠨᠡᠨ ᠥᠩᠭᠡᠷᠡᠵᠤ

ᠬᠤᠷᠢᠳᠤᠭᠠᠷ ᠵᠠᠭᠤᠨ ᠡᠭᠢᠯᠡᠭᠦ ᠳ᠋ᠤ

ᠣᠷᠤᠰ ᠣᠯᠤᠰ ᠤᠨ ᠪᠠᠷᠳᠠᠭ᠎ᠠ ᠰᠢᠡᠵᠢᠯᠡᠭ᠍ᠴᠢ

ᠬᠤᠳᠠ ᠶᠢ ᠠᠩᠬ᠎ᠠ ᠨᠡᠭᠡᠭᠡᠵᠤ ᠭᠡᠨ᠎ᠡ

ᠬᠠᠷ᠎ᠠ ᠬᠤᠳᠠ ᠶᠢᠨ ᠵᠣᠢ᠌ᠯ ᠤᠨ ᠡᠷᠳᠡᠨᠢᠰ ᠵᠢᠠᠷ

ᠣᠷᠤᠰ ᠤᠨ ᠬᠠᠢ᠌ᠭᠴᠢ ᠪᠠᠶᠠᠵᠢᠵᠤ ᠭᠡᠨ᠎ᠡ

ᠬᠠᠳᠠᠭᠠᠯᠠᠵᠤ ᠪᠠᠢ᠌ᠭᠰᠠᠨ ᠨᠢ ᠦᠨ᠎ᠡ ᠳᠤ ᠣᠷᠤᠵᠤ

ᠣᠷᠢᠳᠤ ᠶᠢᠨ ᠰᠤᠳᠤᠯᠤᠯ ᠳᠤ ᠭᠡᠷᠡᠭᠯᠡᠭ᠍ᠳᠡᠵᠤ ᠭᠡᠨ᠎ᠡ

ᠥᠯᠢᠶᠡᠭᠦ ᠰᠠᠯᠭᠢᠨ ᠳᠤ ᠡᠯᠡᠰᠤ ᠰᠢᠭᠤᠷᠪᠠᠴᠤ

ᠬᠠᠷ᠎ᠠ ᠬᠤᠳᠠ ᠳᠠᠷᠤᠭᠳᠠᠭ᠎ᠠ ᠥᠭᠡᠢ

ᠦᠨᠳᠦᠷ ᠰᠤᠪᠣᠷᠭ᠎ᠠ⑤ ᠥᠷᠭᠡᠨ ᠭᠡᠷᠡᠮ ⑥ᠨᠢ

ᠬᠠᠯᠳᠠᠯᠭ᠎ᠠ ᠶᠢᠨ ᠶᠠᠯ᠎ᠠ ᠶᠢ ᠰᠢᠭᠦᠮᠵᠢᠯᠡᠨ᠎ᠡ

ᠥᠩᠭᠡᠷᠡᠭ᠍ᠰᠡᠨ ᠴᠠᠭ ᠤᠨ ᠬᠠᠷ᠎ᠠ ᠬᠤᠳᠠ

ᠰᠣᠢ᠌ᠳᠠᠯ ᠳᠤ ᠣᠴᠠᠷᠠᠭ᠎ᠠ ᠦᠭᠡᠶ ᠪᠠᠢ᠌ᠭᠰᠠᠨ ᠪᠣᠯ

ᠡᠳᠦᠭᠡ ᠡᠷᠡᠨ ᠳᠤ ᠡᠨᠡ ᠬᠤᠳᠠ

ᠶᠠᠮᠠᠷᠬᠠᠨ ᠳᠦᠷᠰᠦ ᠪᠠᠷ ᠪᠠᠢ᠌ᠭ᠎ᠠ ᠪᠣᠯ ᠡ ︕


6᠂ ᠡᠨᠡ ᠨᠤᠳᠤᠭ


ᠡᠨᠡ ᠨᠤᠳᠤᠭ

ᠡᠯᠡᠰᠤᠨ ᠳᠠᠯᠠᠢ ᠲᠡᠶ ᠳᠠᠭᠠᠨ ᠪᠣᠯᠵᠠᠢ

ᠡᠰᠡ ᠳᠠᠢ᠌ᠮᠤ ᠪᠣᠯ

ᠭᠦᠷᠳᠦᠳᠤ ᠶᠢᠨ ᠳᠠᠯᠠᠢ ᠪᠣᠯᠤᠭᠰᠠᠨ ᠪᠠᠢ᠌ᠬ᠎ᠠ

ᠡᠨᠡ ᠨᠤᠳᠤᠭ

ᠭᠤᠪᠢ ᠪᠠᠷ ᠶᠡᠭᠡ ᠲᠡᠶ ᠳᠡᠭᠡᠨ ᠪᠣᠯᠵᠠᠢ

ᠡᠰᠡ ᠳᠠᠢ᠌ᠮᠤ ᠪᠣᠯ

ᠭᠦᠮᠤᠨ ᠤ ᠭᠦᠯ ᠳᠦᠭᠦᠷᠡᠭ᠍ᠰᠡᠨ ᠪᠠᠢ᠌ᠬ᠎ᠠ

ᠡᠨᠡ ᠨᠤᠳᠤᠭ

ᠳᠡᠪᠢᠰᠭᠡᠷ ᠠᠭᠤᠳᠠᠮ ᠲᠡᠶ ᠳᠠᠭᠠᠨ ᠪᠣᠯᠵᠠᠢ

ᠡᠰᠡ ᠳᠠᠢ᠌ᠮᠤ ᠪᠣᠯ

ᠡᠷᠳᠡᠨᠢ ᠶᠢ ᠨᠢ ᠭᠦᠮᠤᠨ ᠪᠦᠷ ᠮᠠᠯᠳᠠᠴᠢᠬᠠᠭᠰᠠᠨ ᠪᠠᠢ᠌ᠬ᠎ᠠ ︕

ᠡᠨᠡ ᠨᠤᠳᠤᠭ

ᠭᠦᠮᠤᠨ ᠶᠢᠡᠷ ᠰᠡᠢ᠌ᠷᠡᠭ᠌ ᠳᠡᠭᠡᠨ ᠪᠣᠯᠵᠠᠢ

ᠡᠰᠡ ᠳᠠᠢ᠌ᠮᠤ ᠪᠣᠯ

ᠡ᠊ᠨᠳᠡᠭᠢ ᠶᠢᠨ ᠪᠠᠶᠠᠵᠢᠯ ᠬᠣᠢ᠌ᠰᠢᠯᠠᠴᠢᠬᠠᠭᠰᠠᠨ ᠪᠠᠢ᠌ᠬ᠎ᠠ ︕


7᠂ ᠬᠠᠴᠢᠨ ᠮᠤᠳᠤᠨ ᠤ ᠣᠢ ᠶᠢ ᠥᠵᠡᠭᠡᠳ


ᠬᠤᠪᠣᠷᠳᠠᠭᠠᠤᠨ ᠪᠠᠢ᠌ᠭᠰᠠᠨ

ᠬᠤᠷ᠎ᠠ ᠣᠰᠤ ᠶᠢᠨ ᠪᠣᠷᠤᠭᠤ ᠡᠴᠡ ᠦᠦ ︖

ᠭᠢᠳᠤᠭ᠎ᠠ ᠰᠢᠭ ᠰᠢᠷᠦᠭᠦᠨ

ᠬᠠᠤᠭᠢᠬᠤ ᠰᠠᠯᠭᠢᠨ ᠤ ᠠᠯᠳᠠᠭ᠎ᠠ ᠡᠴᠡ ᠦᠦ ︖

ᠣᠰᠤᠨ ᠤ ᠡᠭᠢ

ᠣᠷᠤᠭᠰᠢᠯᠠᠬᠤ ᠵᠠᠮ ᠶᠢᠡᠨ ᠵᠠᠯᠠᠭᠤᠯᠤᠭᠰᠠᠨ ᠡᠴᠡ ᠦᠦ ︖

ᠠᠭᠤᠷ ᠠᠮᠢᠰᠬᠤᠯ

ᠣᠤᠭᠠᠯ ᠵᠠᠩ ᠶᠢᠡᠨ ᠵᠠᠰᠠᠭᠤᠯᠤᠭᠰᠠᠨ ᠡᠴᠡ ᠦᠦ ︖

ᠨᠤᠳᠤᠭ ᠶᠢᠡᠨ ᠨᠤᠭᠤᠭᠠᠨ ᠶᠢᠡᠷ ᠴᠢᠮᠡᠭᠯᠡᠳᠡᠭ᠌

ᠨᠢᠭᠡᠨ ᠶᠡᠭᠡ ᠣᠢ ᠰᠦᠨᠤᠪᠠ

ᠬᠤᠷᠸ᠎ᠠ ᠶᠢᠨ ᠵᠠᠢ᠌ᠨ ᠳᠤ ᠣᠳᠤ

ᠬᠠᠴᠢᠨ ᠮᠤᠳᠤᠨ ᠤ ᠣᠢ ᠪᠣᠯᠪᠠ

ᠣᠢ ᠪᠣᠯᠬᠤᠷ

ᠣᠷᠤᠭᠠᠳ ᠣᠴᠢᠪᠠᠯ ᠳᠠᠩᠳᠠ ᠯᠠ ᠮᠤᠳᠤᠳ

ᠠᠮᠢ ᠪᠠᠨ ᠠᠯᠳᠠᠭᠰᠠᠨ ᠴᠤ

ᠡᠯᠡᠰᠤ ᠪᠠᠨ ᠪᠦᠷᠭᠦᠵᠤ ᠰᠠᠯᠭᠢ ᠶᠢ ᠬᠠᠰᠢᠨ᠎ᠠ

ᠬᠠᠴᠢᠨ ᠪᠣᠯᠬᠤᠷ

ᠬᠠᠮᠢᠭᠠᠭᠢ ᠭᠦᠮᠤᠨ ᠳᠤ ᠴᠤ ᠭᠠᠢ᠌ᠬᠠᠭᠳᠠᠨ᠎ᠠ

ᠬᠠᠳᠠᠴᠢᠬᠠᠭᠰᠠ ᠪᠣᠯᠬᠤᠷ

ᠬᠠᠷᠠᠭᠰᠠᠨ ᠪᠦᠭᠦᠨ ᠢ ᠬᠠᠷᠠᠮᠰᠠᠭᠤᠯᠤᠨ᠎ᠠ

ᠵᠤᠭᠰᠤᠭ᠎ᠠ᠂ ᠰᠠᠭᠤᠭ᠎ᠠ᠂ ᠭᠡᠪᠳᠡᠭᠡ

ᠵᠣᠢ᠌ᠯ ᠤᠨ ᠭᠡᠯᠪᠠᠷᠢᠳᠤ ᠮᠤᠳᠤᠳ ᠪᠠᠢ᠌ᠨ᠎ᠠ

ᠵᠤᠭᠢᠰᠳᠠᠢ ᠨᠠᠷᠢᠨ ᠠᠵᠢᠭᠯᠠᠪᠠᠯ

ᠵᠤᠭᠠᠴᠠᠭᠴᠢ ᠳᠤ ᠶᠠᠭᠤ ᠨᠢᠭᠡ ᠭᠡᠯᠡᠭᠡ ᠯᠠ ᠶᠤᠮ

ᠵᠤᠭᠰᠤᠭ᠎ᠠ ᠨᠢ

ᠣᠢ ᠶᠢᠨ ᠣᠴᠠᠷᠠᠯ ᠢ

ᠭᠠᠷ ᠶᠢᠡᠷ ᠶᠢᠡᠨ ᠵᠢᠭᠠᠵᠤ

ᠥᠯᠢᠭᠡᠷᠯᠡᠵᠤ ᠪᠠᠢ᠌ᠨ᠎ᠠ

ᠰᠠᠭᠤᠭ᠎ᠠ ᠨᠢ

ᠮᠤᠳᠤᠳ ᠤᠨ ᠭᠠᠮᠰᠢᠭ ᠢ

ᠪᠢᠷ ᠶᠢᠡᠷ ᠶᠢᠡᠨ ᠪᠢᠴᠢᠨ

ᠥᠭᠦᠯᠡᠵᠤ ᠪᠠᠢ᠌ᠨ᠎ᠠ

ᠭᠡᠪᠳᠡᠭᠡ ᠨᠢ

ᠭᠠᠵᠠᠷ ᠤᠨ ᠭᠠᠩᠳᠠᠯ ᠢ

ᠵᠡᠭᠦᠳᠤ ᠪᠠᠷ ᠶᠢᠡᠨ ᠭᠦᠷᠳᠡᠯ᠎ᠡ

ᠣᠴᠢᠷᠯᠠᠵᠤ ᠪᠠᠢ᠌ᠨ᠎ᠠ

ᠰᠤᠨᠢᠷᠬᠠᠭ᠎ᠠ ᠪᠢ

ᠭᠠᠢ᠌ᠬᠠᠰᠢ ᠠᠯᠳᠠᠨ

ᠭᠠᠵᠠᠷ ᠤᠨ ᠭᠠᠢ

ᠭᠠᠯᠪᠠ ᠳᠤ ᠪᠣᠤ ᠯᠠ ᠪᠠᠢ᠌ᠭᠠᠰᠠᠢ ᠭᠡᠵᠤ ᠳᠠᠭᠠᠳᠬᠠᠪᠠ᠃


8᠂ ᠴᠠᠷᠮ᠎ᠠ ⑦ᠡᠭᠡᠴᠢ ᠳ᠋ᠤ


ᠡᠷᠭᠢᠭᠦ ᠪᠠᠷ ᠣᠴᠢᠭᠰᠠᠨ ᠡᠭᠡᠴᠢ ᠶᠢᠨ ᠡᠭᠡᠴᠢ

ᠡᠮᠡᠭᠡᠨ ᠪᠣᠭᠤᠷᠤᠯ ᠴᠠᠷᠮ᠎ᠠ ᠡᠭᠡᠴᠢ ᠭᠡᠵᠤ

ᠶᠤᠰᠤ ᠵᠦᠢ᠌ ᠶᠢ ᠮᠡᠳᠡᠳᠡᠭ᠌ ᠯᠠ ᠭᠦᠮᠤᠨ ᠳ᠋ᠠ

ᠶᠠᠰᠤ ᠮᠦᠰᠤ ᠨᠢ ᠴᠢᠨᠠᠷ ᠲᠡᠶ ᠯᠠ ᠭᠦᠮᠤᠨ ᠳ᠋ᠠ

ᠡᠵᠡᠨ᠎ᠡ ᠬᠤᠰᠢᠭᠤᠨ ᠳᠠᠭᠠᠨ ᠬᠠᠭᠤᠴᠢᠨ ᠯᠠ ᠭᠦᠮᠤᠨ ᠳ᠋ᠠ

ᠡᠯᠢᠭᠡᠨ ᠰᠠᠳᠤᠨ ᠳᠠᠭᠠᠨ ᠭᠦᠡᠳᠦᠳᠭᠡᠯᠳᠡᠢ ᠯᠠ ᠭᠦᠮᠤᠨ ᠳ᠋ᠠ

ᠦᠷ᠎ᠡ ᠶᠢᠨ ᠶᠢᠡᠨ ᠰᠠᠢ᠌ᠨ ᠢ ᠥᠵᠡᠭᠡ ᠯᠠ ᠭᠦᠮᠤᠨ ᠳ᠋ᠠ

ᠣᠮᠪᠣᠯ ᠤᠨ ᠶᠢᠡᠨ ᠦᠷ᠎ᠡ ᠶᠢ ᠴᠤ ᠭᠦᠳᠦᠯᠦᠭᠡ ᠯᠠ ᠭᠦᠮᠤᠨ ᠳ᠋ᠠ

ᠰᠠᠳᠤᠨ ᠰᠠᠭᠠᠬᠠᠯᠳᠠ ᠳᠠᠭᠠᠨ ᠭᠠᠪᠢᠶ᠎ᠠ ᠲᠡᠶ ᠯᠠ ᠭᠦᠮᠤᠨ ᠳ᠋ᠠ

ᠰᠠᠢ᠌ᠬᠠᠨ ᠠᠯᠳᠠᠷ ᠶᠢᠡᠨ ᠳᠠᠭᠤᠷᠢᠰᠤᠭᠤᠯᠤᠭᠰᠠᠨ ᠯᠠ ᠭᠦᠮᠤᠨ ᠳ᠋ᠠ

ᠰᠠᠠᠰᠠᠷ ᠤᠨ ᠣᠢ᠌ᠯᠠᠰ ᠢ ᠳᠡᠮᠵᠢᠭ᠍ᠰᠡᠨ ᠯᠠ ᠭᠦᠮᠤᠨ ᠳ᠋ᠠ

ᠰᠠᠭᠤᠭᠠᠯᠢ ᠨᠤᠳᠤᠭ ᠶᠢᠡᠨ ᠵᠤᠷᠢᠭᠤᠯᠤᠭᠰᠠᠨ⑧ ᠯᠠ ᠭᠦᠮᠤᠨ ᠳ᠋ᠠ

ᠳᠤᠷᠭᠤᠳ ᠮᠤᠩᠭ᠋ᠤᠯ ᠤᠨ ᠪᠠᠷᠢᠮᠵᠢᠶ᠎ᠠ ᠯᠠ ᠭᠦᠮᠤᠨ ᠳ᠋ᠠ

ᠳᠤᠮᠤ ᠪᠦᠯᠢ ᠳᠡᠭᠡᠨ ᠪᠣᠶᠠᠠᠰᠠᠭ ᠯᠠ ᠭᠦᠮᠤᠨ ᠳ᠋ᠠ

ᠳᠡᠦᠭᠡ ᠰᠤᠶᠤᠯ ᠶᠢᠡᠨ ᠬᠠᠢ᠌ᠷᠠᠯᠠᠳᠠᠭ ᠯᠠ ᠭᠦᠮᠤᠨ ᠳ᠋ᠠ

ᠳᠡᠮᠡᠭᠡᠨ ᠤ ᠣᠴᠠᠷᠯᠠᠯ ᠢ ⑨ ᠥᠯᠢᠭᠡᠷᠯᠡᠭ᠍ᠰᠡᠨ ᠯᠠ ᠭᠦᠮᠤᠨ ᠳ᠋ᠠ

ᠬᠤᠯᠠ ᠶᠢᠨ ᠪᠢᠳᠠᠨ ᠢ ᠪᠠᠶᠠᠷᠯᠠᠭᠤᠯᠤᠭᠰᠠᠨ ᠯᠠ ᠭᠦᠮᠤᠨ ᠳ᠋ᠠ

ᠬᠤᠨᠢᠨ ᠤ ᠪᠦᠭᠦᠯᠢ ᠪᠠᠷ ᠵᠤᠴᠢᠯᠠᠭᠰᠠᠨ ᠯᠠ ᠭᠦᠮᠤᠨ ᠳ᠋ᠠ

ᠬᠤᠪᠳᠤᠯᠳᠤ ᠵᠢᠷᠦᠭᠡᠨ ᠳᠤ ᠰᠠᠨᠠᠭᠳᠠᠭᠤᠯᠤᠭᠰᠠᠨ ᠯᠠ ᠭᠦᠮᠤᠨ ᠳ᠋ᠠ

ᠬᠠᠭᠤᠳᠠᠰᠤᠳᠤ ᠰᠢᠯᠦᠭ᠌ ᠢ ᠪᠢᠴᠢᠭᠦᠯᠦᠭ᠍ᠰᠡᠨ ᠯᠠ ᠭᠦᠮᠤᠨ ᠳ᠋ᠠ ︕


ᠵᠡᠭᠦᠯᠳᠡ ᠳᠠᠢ᠌ᠯᠪᠣᠷᠢ ᠄

① ᠡᠵᠡᠨ᠎ᠡ ᠡᠴᠡ ᠬᠣᠢ᠌ᠨ᠎ᠠ ᠵᠤᠭᠠᠴᠠᠯ ᠤᠨ ᠴᠢᠭ᠌ ᠲᠤ ᠪᠠᠢ᠌ᠭ᠎ᠠ ᠮᠤᠩᠭ᠋ᠤᠯ ᠭᠡᠷ ᠤᠨ ᠬᠠᠨ᠎ᠠ ᠪᠠᠷ ᠭᠦᠷᠢᠶᠡᠯᠡᠨ ᠪᠠᠢ᠌ᠭ᠎ᠠ ᠳᠡᠷᠡᠭᠦ ᠠᠪᠣᠷᠭᠤ ᠳᠤᠤᠷᠠᠢ ᠨᠢ ᠭᠤᠷᠪᠠᠨ ᠮᠢᠩᠭ᠋ᠠᠨ ᠵᠢᠯ ᠤᠨ ᠳᠡᠦᠭᠡ ᠲᠡᠶ ᠭᠡᠨ᠎ᠡ᠂ ᠭᠡᠳᠤᠨ ᠣᠳᠠᠭᠠᠨ ᠤ ᠳᠣᠢ᠌ᠮᠠᠷ ᠤᠨ ᠭᠠᠯ ᠳᠤ ᠪᠣᠰᠤᠳ ᠮᠤᠳᠤᠳ ᠰᠢᠳᠠᠭᠳᠠᠭᠰᠠᠨ ᠴᠤ ᠣᠩᠭ᠋ᠤᠨ ᠳᠤᠤᠷᠠᠢ ᠰᠢᠳᠠᠭᠳᠠᠭᠰᠠᠨ ᠦᠭᠡᠶ ᠪᠣᠯᠬᠤᠷ ᠭᠦᠮᠦᠰ ᠣᠩᠭ᠋ᠤᠨ ᠳᠤᠤᠷᠠᠢ ᠭᠡᠵᠤ ᠨᠠᠷᠠᠢ᠌ᠤᠠᠴᠠᠢ᠃

② ᠵᠡᠭᠡᠯᠢ ᠊᠊᠊᠊᠊᠊᠊᠊᠊᠊᠊᠊᠊᠊᠊ ᠭᠡᠰᠡᠨ ᠨᠤᠳᠤᠭ ᠤᠨ ᠭᠡᠯᠡᠯᠭᠡ᠃

③ᠡᠨᠡᠭᠦ ᠬᠠᠷ᠎ᠠ ᠬᠤᠳᠠ ᠶᠢ ᠱᠢᠶᠠ ᠣᠯᠤᠰ ᠤᠨ ᠦᠶ᠎ᠡ (1036) ᠳᠤ ᠪᠠᠢ᠌ᠭᠤᠯᠵᠤ᠂ ᠶᠤᠸᠠᠨ ᠣᠯᠤᠰ ᠤᠨ ᠦᠶ᠎ᠡ ᠪᠠᠭᠢᠵᠢᠭᠦᠯᠤᠨ ᠪᠠᠢ᠌ᠭᠤᠯᠵᠤ᠂ ᠮᠢᠩ ᠣᠯᠤᠰ ᠤᠨ ᠳᠦᠷᠢᠮᠡᠭᠡᠢ᠌ᠯᠡᠯ ᠤᠨ ᠦᠶ᠎ᠡ (1372) ᠳᠤ ᠰᠣᠢ᠌ᠤᠠᠪᠠ ᠭᠡᠵᠤ ᠳᠡᠮᠳᠡᠭᠯᠡᠵᠤ ᠪᠠᠢ᠌ᠨ᠎ᠠ᠃

④ ᠮᠠᠨ ᠤ ᠣᠯᠤᠰ ᠤᠨ ᠨᠠᠷ᠎ᠠ ᠠᠯᠳᠠᠷᠳᠠᠢ ᠳᠤᠷᠭ᠎ᠠ ᠳᠤᠷᠳᠠᠩ ᠨᠡᠭᠡᠮᠡᠯ ᠤᠨ ᠰᠤᠯᠢᠯᠴᠠᠭ᠎ᠠ ᠭᠢᠳᠡᠭ᠌ ᠳᠤᠷᠭᠠᠨ ᠵᠠᠮ ᠢ ᠭᠡᠯᠡᠵᠤ ᠪᠠᠢ᠌ᠨ᠎ᠠ᠃

⑤ ᠬᠠᠷ᠎ᠠ ᠬᠤᠳᠠ ᠶᠢᠨ ᠪᠠᠷᠠᠭᠤᠨ ᠬᠣᠢ᠌ᠳᠤ ᠪᠤᠯᠦᠡᠭ᠌ ᠤᠨ ᠭᠡᠰᠡᠭ᠌ ᠲᠤ ᠶᠡᠭᠡ ᠪᠠᠭ᠎ᠠ ᠦᠨᠳᠦᠷ ᠪᠣᠭᠤᠨᠢ ᠨᠢ ᠠᠳᠠᠯᠢ ᠦᠭᠡᠶ ᠭᠡᠳᠤᠨ ᠰᠠᠢ᠌ᠬᠠᠨ ᠰᠤᠪᠣᠷᠭ᠎ᠠ ᠪᠠᠢ᠌ᠳᠠᠭ᠃

⑥ ᠭᠡᠷᠡᠮ ᠨᠢ ᠵᠡᠭᠦᠡᠰᠢ ᠪᠠᠷᠠᠭᠤᠠᠰᠢ 470 ᠮᠸᠲ᠋ᠷ᠂ ᠬᠣᠢ᠌ᠰᠢ ᠡᠮᠦᠨᠡᠰᠢ ᠥᠷᠭᠡᠨ ᠶᠢᠡᠷ ᠶᠢᠡᠨ 384 ᠮᠸᠲ᠋ᠷ᠂ ᠰᠠᠭᠤᠷᠢ ᠶᠢᠨ ᠥᠷᠭᠡᠨ ᠨᠢ 11.6 ᠮᠸᠲ᠋ᠷ᠂ ᠳᠡᠭᠡᠷᠡᠭᠢ ᠶᠢᠨ ᠥᠷᠭᠡᠨ ᠨᠢ 3.5 ᠮᠸᠲ᠋ᠷ᠂ ᠭᠡᠷᠡᠮ ᠤᠨ ᠦᠨᠳᠦᠷ ᠨᠢ 9.2 ᠮᠸᠲ᠋ᠷ᠂ ᠪᠦᠭᠦ ᠳᠠᠯᠪᠠᠢ ᠨᠢ 18.05 ᠲᠦᠮᠡᠨ ᠳᠡᠭ᠍ᠰᠢ ᠳᠦᠷᠪᠡᠯᠵᠢᠨ ᠮᠸᠲ᠋ᠷ ᠤᠨ ᠶᠡᠭᠡ ᠬᠤᠳᠠ ᠭᠡᠵᠤ ᠳᠡᠮᠳᠡᠭᠯᠡᠵᠤ ᠪᠣᠢ᠃

⑦ ᠡᠵᠡᠨ᠎ᠡ ᠳᠤ ᠰᠠᠭᠤᠭ᠎ᠠ ᠮᠠᠨ ᠤ ᠰᠢᠯᠢᠶᠠᠨ ᠡᠭᠡᠴᠢ ᠶᠢᠨ ᠬᠠᠳᠠᠮ ᠡᠭᠡᠴᠢ ᠨᠢ᠃

⑧ᠮᠠᠨ ᠤ ᠣᠯᠤᠰ ᠤᠨ ᠰᠠᠠᠰᠠᠷ ᠤᠨ ᠣᠢ᠌ᠯᠠᠰ ᠤᠨ ᠰᠠᠭᠤᠷᠢᠨ ᠭᠠᠵᠠᠷ ᠪᠠᠢ᠌ᠭᠤᠯᠬᠤ ᠦᠶ᠎ᠡ ᠳᠤ ᠨᠢᠭᠡ ᠪᠦᠯᠦᠭ᠌ ᠮᠠᠯᠴᠢᠳ᠂ ᠠᠭᠤᠯᠠ ᠲᠡᠶ ᠣᠰᠤ ᠲᠡᠶ ᠰᠠᠢ᠌ᠬᠠᠨ ᠭᠡᠭ᠍ᠴᠢ ᠨᠤᠳᠤᠭ ᠣᠰᠤ ᠪᠠᠨ ᠣᠯᠤᠰ ᠲᠠᠭᠠᠨ ᠵᠤᠷᠢᠭᠤᠯᠵᠤ ᠳᠠᠠᠳᠠ ᠡᠴᠡ ᠪᠠᠨ ᠨᠡᠭᠦᠭ᠍ᠰᠡᠨ ᠠᠷᠠᠤᠨ ᠤᠨ ᠨᠢᠭᠡ ᠨᠢ ᠪᠢᠯᠠ᠃

⑨ ᠨᠢᠭᠡᠨ ᠴᠠᠭ ᠦᠶ᠎ᠡ ᠳᠤ ᠳᠡᠮᠡᠭᠡ ᠶᠢ ᠶᠡᠭᠡᠳᠡ ᠠᠳᠠᠯᠠᠵᠤ᠂ ᠶᠡᠭᠡ ᠪᠠᠷ ᠠᠯᠠᠭᠰᠠᠨ ᠳᠤᠬᠠᠢ ᠥᠯᠢᠭᠡᠷ ᠶᠠᠷᠢᠭᠰᠠᠨ ᠪᠢᠯᠠ᠃


ᠵᠤᠬᠢᠶᠠᠭᠴᠢ ᠶᠢᠨ ᠬᠠᠶ‍ᠢᠭ ᠄ ᠣᠯᠠᠭᠠᠠᠬᠠᠳᠠ ᠬᠤᠳᠠ ᠶᠢᠨ ᠭᠡᠰᠢᠭ᠍ᠳᠡᠨ ᠬᠤᠰᠢᠭᠤᠨ ᠤ ᠪᠢᠷᠠᠭᠤ ᠳ᠋ᠠᠭᠢ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠪᠦᠭᠡᠵᠢᠷᠭᠠᠯ
ᠢᠷᠡᠯᠲᠡ᠄ ᠵᠤᠬᠢᠶᠠᠭᠴᠢ ᠢᠮᠸᠯ ᠶᠢᠡᠷ ᠢᠷᠡᠭᠦᠯᠪᠡ
ᠬᠠᠷᠢᠶ᠎ᠠ᠄ ᠰᠢᠯᠦᠭ
ᠳᠠᠷᠤᠮ᠄ 2637
ᠴᠠᠭ᠄ 2010 ᠤᠨ ᠤ 01 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ