ᠨᠡᠪᠲᠡᠷᠡᠨ ᠤᠷᠤᠬᠤ
ᠨᠤᠲᠤᠭ ᠤᠨ ᠭᠤᠤᠯ

ᠵᠢᠯᠢ᠍ᠨᠰᠦ᠋ᠮ᠎ᠠ ᠪᠠᠨ ᠡᠷᠢ᠍ᠵᠥ ᠴᠦ᠋ᠬᠦᠷᠡᠭᠡᠳ

ᠬᠠᠬᠢᠷ ᠤᠨ ᠭᠤᠤᠯ ᠮᠠᠩᠬ᠎ᠠ ᠪᠡᠷ ᠡᠷᠭᠢᠴᠡᠨ᠎ᠠ

ᠵᠢᠷᠦᠬᠡ ᠡᠮᠲᠡᠷᠡᠮ᠎ᠠ ᠨᠢ᠍ᠭᠤᠴᠠ ᠪᠢᠳ᠋ᠡᠭᠦᠮᠵᠢ᠍ᠯᠡᠭ᠍ᠳ᠋ᠡᠵᠦ

ᠬᠠᠷᠢ᠍ᠬᠤ ᠬᠦᠰᠡᠯ ᠡᠷᠡᠮᠡᠯᠵᠡᠯ ᠠᠯᠳ᠋ᠠᠨ ᠬᠤᠭᠤᠰᠤᠷᠠᠨ᠎ᠠ

ᠵᠦ᠋ᠭᠡᠯᠡᠨ ᠦᠷᠦᠴᠡ ᠬᠢᠲᠤᠭᠠᠨ ᠳ᠋ᠥ ᠢᠷᠠᠭᠳ᠋ᠠᠬᠤ ᠨᠢ ᠤᠯᠠᠨ

ᠵᠦ᠋ᠪ ᠦᠢ᠍ᠯᠡ ᠬᠢᠯᠢ᠍ᠰ ᠲᠣ ᠦᠷᠲᠦᠭ᠍ᠳ᠋ᠡᠳ᠋ᠡᠭ᠌ ᠨᠢ ᠦᠨᠡᠨ

ᠬᠤᠵᠢ᠍ᠷ ᠤᠨ ᠭᠤᠤᠯ ᠬᠠᠮᠢ᠍ᠭ᠎ᠠ ᠶᠠᠪᠤᠴᠢ᠍ᠬᠠᠪᠠ ᠭᠡᠵᠥ

ᠬᠠᠤᠭᠢᠬᠤ ᠰᠠᠯᠬᠢᠨ ᠱᠤᠤᠭᠢᠯᠳ᠋ᠤᠨ᠎ᠠ

ᠬᠠᠭᠠᠯᠪᠤᠷᠢ᠍ᠯᠠᠭᠰᠠᠨ ᠵᠤᠷᠬ᠎ᠠ ᠪᠡᠷ ᠤᠭᠢᠯᠠᠭᠠᠳ ᠶᠠᠪᠤᠭᠰᠠᠨ

ᠬᠤᠬᠢᠮᠠᠢ ᠲᠤᠯᠤᠭᠠᠢ᠌ᠲᠠᠳ ᠲᠣ ᠰᠤᠷᠤᠭᠤᠯᠵᠤ ᠰᠢ᠍ᠷᠭᠢᠭ᠍ᠰᠡᠨ

ᠨᠠᠷᠠ ᠲᠡᠶ ᠡᠳ᠋ᠦᠷ ᠪᠦᠬᠦᠨ ᠲᠤᠯᠠᠭᠠᠨ ᠪᠢᠰᠢ ᠨᠢ ᠦᠨᠡᠨ

ᠨᠠᠷᠠ ᠪᠠᠨ ᠳᠠᠭᠠᠭᠰᠠᠨ ᠪᠤᠯᠭᠠᠨ ᠵᠢᠬᠡᠭᠦᠰᠬᠥ ᠦᠭᠡᠶ ᠭᠡᠳ᠋ᠡᠭ᠌ ᠬᠤᠳ᠋ᠠᠯ

ᠨᠤᠶᠠᠨ ᠰᠦ᠋ᠮ᠎ᠠ ᠪᠠᠨ ᠰᠠᠬᠢᠭᠰᠠᠨ ᠭᠤᠷᠢ᠍ᠶᠠᠨ ᠤ ᠨᠤᠬᠠᠳ ᠦᠢ᠍ᠮᠡᠨ᠎ᠠ

ᠨᠤᠬᠠᠢ ᠶᠢᠨ ᠲᠠᠭᠤ ᠴᠢ᠍ᠩᠨᠠᠵᠤ ᠨᠠᠷᠢ᠍ᠨ ᠭᠤᠤᠯ ᠮᠡᠭ᠍ᠰᠢ᠍ᠨ᠎ᠠ

ᠨᠤᠶᠠᠨ ᠰᠠᠨᠭ᠌ ᠤᠨ ᠬᠤᠭᠰᠢ᠍ᠯ ᠢ ᠨᠠᠩᠵᠢ᠍ᠳ ᠭᠦᠪᠢᠭ᠍ᠰᠡᠨ ᠬᠤᠪᠢᠰᠬᠠᠯ

ᠨᠤᠬᠠᠢ᠌ᠷᠠᠭᠰᠠᠨ ᠵᠠᠪᠰᠢ᠍ᠭᠴᠢ ᠶᠢᠨ ᠬᠡᠢ᠌ᠮᠦᠷᠢ ᠵᠠᠢ ᠡᠵᠡᠯᠡᠭ᠍ᠰᠡᠨ ᠰᠤᠯᠤᠭᠠᠢ᠌ᠷᠠᠯ

ᠨᠢ᠍ᠭᠤᠷ ᠦᠭᠡᠶ ᠶᠠᠭᠤᠮᠠᠰ ᠪᠤᠬᠤᠷ ᠳᠤᠯᠢ᠍ᠶᠠᠵᠤ ᠱᠤᠯᠳ᠋ᠤᠭᠠᠨᠠᠭᠰᠠᠨ ᠴᠠᠭ

ᠨᠢ᠍ᠭᠦᠯ ᠨᠢ ᠭᠦᠢ᠍ᠴᠡᠭ᠍ᠰᠡᠨ ᠨᠤᠶᠠᠷᠬᠠᠯ ᠬᠦᠭ᠌ ᠪᠤᠯᠵᠤ ᠰᠤᠯᠢ᠍ᠶᠠᠷᠠᠭᠰᠠᠨ ᠨᠡᠢ᠌ᠭᠡᠮ

ᠮᠤᠳ᠋ᠤᠨ ᠤ ᠨᠠᠪᠴᠢ ᠴᠠᠢ ᠨᠡᠷᠡᠢ᠌ᠳ᠋ᠦᠭ᠍ᠳ᠋ᠡᠵᠥ ᠯᠠᠩ ᠳ᠋ᠥ ᠪᠠᠨ ᠵᠠᠭᠤᠨ ᠵᠤᠭᠤᠰ

ᠮᠢ᠍ᠩᠭ᠋ᠠᠨ ᠬᠤᠨᠢ᠍ᠨ ᠤ ᠠᠷᠠᠰᠤ ᠠᠯᠠᠪᠴᠢ ᠶᠢᠨ ᠦᠷᠲᠡᠭ᠌ ᠴᠦ ᠬᠦᠷᠬᠥ ᠦᠭᠡᠶ

ᠬᠠᠩᠰᠢ ᠦᠨ᠎ᠠ ᠪᠡᠷ ᠬᠠᠭᠤᠷᠠᠮᠠᠭᠯᠠᠭᠰᠠᠨ ᠬᠠᠷ᠎ᠠ ᠬᠤᠤᠷᠠᠲᠠᠢ ᠪᠤᠭᠤᠮᠢ᠍ᠯᠠᠯ

ᠬᠠᠷᠭᠢᠰ ᠦᠢᠯᠡ ᠡᠴᠡ ᠬᠡᠴᠡᠭᠦᠷᠬᠡᠭ᠍ᠰᠡᠨ ᠨᠢ᠍ᠯᠤᠭᠤᠨ ᠪᠠᠰᠢ᠍ᠷᠲᠤ ᠭᠠᠳ᠋ᠠᠭᠤᠷᠴᠢ᠍ᠯᠠᠯ

ᠨᠤᠲᠤᠭ ᠤᠨ ᠮᠢ᠍ᠨᠢ ᠭᠤᠤᠯ ᠤᠭᠢᠯᠠᠭᠰᠠᠭᠠᠷ ᠨᠢ᠍ᠯᠪᠤᠰᠤᠨ ᠭᠤᠤᠯ ᠪᠤᠯᠵᠤ ᠴᠠᠯᠭᠢᠯᠤᠭᠰᠠᠨ

ᠨᠤᠲᠤᠭ ᠮᠢ᠍ᠨᠢ ᠭᠡᠵᠤ ᠯᠡ ᠡᠷᠴᠢ᠍ᠮᠯᠡᠭ᠍ᠰᠡᠭᠡᠷ ᠬᠢᠯᠢ᠍ᠩ ᠤᠨ ᠲᠠᠯᠠᠰ ᠪᠤᠯᠵᠤ ᠴᠢ᠍ᠯᠠᠭᠤᠵᠢ᠍ᠭᠰᠠᠨ

ᠵᠤᠬᠢᠶᠠᠭᠴᠢ᠄ ᠪᠠᠭᠠᠲᠤᠷᠴᠤᠭᠲᠤ
ᠢᠷᠡᠯᠲᠡ᠄ ᠵᠤᠬᠢᠶᠠᠭᠴᠢ ᠶᠢᠨ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 64159
ᠴᠠᠭ᠄ 2017 ᠤᠨ ᠤ 03 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ