☆ ᠭᠦᠷᠵᠡᠪ
ᠮᠢᠨᠤ ᠰᠤᠷᠭᠠᠭᠤᠯᠢ ᠰᠠᠢ᠌ᠬᠠᠨ
ᠮᠢᠨᠤ ᠰᠤᠷᠭᠠᠭᠤᠯᠢ
ᠴᠡᠴᠡᠭ᠌ ᠤᠨ ᠥᠩᠭᠡ ᠪᠠᠷ ᠰᠤᠯᠤᠩᠭ᠋ᠠᠷᠠᠭᠰᠠᠨ
ᠴᠠᠪᠠᠷ ᠳᠤᠯᠠᠭᠠᠨ ᠠᠰᠠᠷ ᠳᠠᠢ
ᠴᠡᠭ᠍ᠴᠡᠦᠭᠡᠢ ᠶᠢᠨ ᠳᠠᠭᠤ ᠪᠠᠷ ᠱᠤᠤᠭᠢᠯᠳᠤᠭᠰᠠᠨ
ᠴᠡᠩᠭᠡᠯᠳᠤ ᠭᠦᠭᠡᠷᠦᠭᠦᠨ ᠬᠡᠦᠬᠡᠳ ᠤᠳ ᠳᠠᠢ
ᠮᠢᠨᠤ ᠰᠤᠷᠭᠠᠭᠤᠯᠢ
ᠮᠠᠭᠳᠠᠭᠠᠯᠳᠠᠢ ᠰᠤᠷᠭᠠᠭᠤᠯᠢ᠃
ᠮᠡᠳᠡᠯᠭᠡ ᠶᠢᠨ ᠳᠡᠭᠡᠵᠢ ᠪᠠᠷ ᠵᠡᠪᠰᠡᠭᠯᠡᠭ᠍ᠳᠡᠭ᠍ᠰᠡᠨ
ᠮᠡᠷᠭᠡᠨ ᠴᠠᠴᠠᠨ ᠪᠠᠭᠰᠢ ᠨᠡᠷ ᠳᠠᠢ
ᠮᠦᠰᠢᠶᠠᠯ ᠤᠨ ᠴᠤᠮᠤᠷᠯᠢᠭ ᠶᠢᠡᠷ ᠪᠠᠳᠮᠠᠷᠠᠭᠰᠠᠨ
ᠮᠥᠩᠭᠡ ᠶᠢᠨ ᠰᠠᠢ᠌ᠬᠠᠨ ᠵᠠᠮᠨᠠᠯ ᠳᠠᠢ
ᠮᠢᠨᠤ ᠰᠤᠷᠭᠠᠭᠤᠯᠢ
ᠮᠠᠠᠳᠤᠯ ᠳᠠᠢ ᠰᠤᠷᠭᠠᠭᠤᠯᠢ᠃
ᠰᠤᠷᠭᠠᠭᠤᠯᠢ ᠳᠤ ᠣᠷᠤᠬᠤ ᠰᠠᠢ᠌ᠠᠭᠨ
ᠰᠤᠷᠭᠠᠭᠤᠯᠢ ᠳᠤ ᠣᠷᠤᠵᠤ
ᠰᠤᠷᠤᠭᠴᠢ ᠪᠣᠯᠬᠤ ᠰᠠᠢ᠌ᠬᠠᠨ
ᠰᠤᠶᠤᠯ ᠰᠤᠷᠴᠤ
ᠡᠷᠳᠡᠮ ᠭᠦᠷᠳᠡᠭᠦ ᠰᠠᠢ᠌ᠬᠠᠨ
ᠰᠤᠷᠤᠭᠰᠠᠨ ᠵᠣᠢ᠌ᠯᠠᠰ ᠵᠢᠠᠨ
ᠳᠤᠭᠳᠠᠭᠠᠵᠤ ᠰᠢᠩᠭᠡᠭᠡᠭᠦ ᠰᠠᠢ᠌ᠬᠠᠨ
ᠰᠤᠳᠤᠯᠭ᠎ᠠ ᠰᠢᠡᠵᠢᠯᠡᠭᠡ ᠳ᠋ᠤ
ᠰᠢᠮᠳᠠᠵᠤ ᠵᠢᠦᠡᠭᠦᠭᠦ ᠰᠠᠢ᠌ᠬᠠᠨ ᠡ᠃
ᠰᠤᠷᠭᠠᠭᠤᠯᠢ ᠶᠢᠨ ᠮᠢᠨᠢ ᠥᠷᠯᠦᠭᠡ
ᠰᠤᠷᠬᠤ ᠶᠢᠨ ᠠᠮᠢᠰᠬᠤᠯ ᠶᠢᠡᠷ ᠴᠠᠯᠭᠢᠯᠠᠭᠰᠠᠨ
ᠰᠢᠯᠦᠭ᠌ ᠤᠨ ᠣᠶᠠᠬᠠᠨ ᠣᠩᠰᠢᠯᠭ᠎ᠠ ᠳᠠᠢ
ᠰᠦ᠋ ᠶᠢᠨ ᠦᠨᠦᠷ ᠶᠢᠡᠷ ᠠᠩᠭᠢᠯᠤᠭᠰᠠᠨ
ᠰᠡᠩᠭᠢᠨᠡᠭᠦᠨ ᠴᠡᠩᠭᠡ ᠰᠠᠯᠭᠢ ᠳᠠᠢ
ᠰᠤᠷᠭᠠᠭᠤᠯᠢ ᠶᠢᠨ ᠮᠢᠨᠢ ᠥᠷᠯᠦᠭᠡ ᠰᠠᠢ᠌ᠬᠠᠨ
ᠰᠤᠷᠤᠭᠴᠢ ᠨᠢ ᠪᠢ ᠬᠠᠢ᠌ᠷᠠᠳᠠᠢ ︕
ᠬᠤᠩᠬ᠎ᠠ ᠶᠢᠨ ᠳᠠᠭᠤᠨ ᠶᠢᠡᠷ ᠪᠣᠵᠢᠭᠢᠨᠠᠯᠳᠤᠭᠰᠠᠨ
ᠬᠡᠦᠬᠡᠳ ᠤᠨ ᠭᠦᠭᠡᠷᠦᠭᠦᠨ ᠰᠡᠳᠭᠢᠯ ᠳᠠᠢ
ᠬᠤᠷᠸ᠎ᠠ ᠶᠢᠨ ᠠᠭᠤᠳᠠᠮ ᠶᠢᠡᠷ ᠨᠢᠰᠦᠯᠴᠡᠭ᠍ᠰᠡᠨ
ᠭᠦᠰᠡᠯᠡᠩ ᠤᠨ ᠭᠦᠩᠭᠡᠨ ᠳᠠᠮᠠᠤᠯᠠᠯ ᠳᠠᠢ
ᠰᠤᠷᠭᠠᠭᠤᠯᠢ ᠶᠢᠨ ᠮᠢᠨᠢ ᠥᠷᠯᠦᠭᠡ ᠰᠠᠢ᠌ᠬᠠᠨ
ᠰᠤᠷᠤᠭᠴᠢ ᠨᠢ ᠪᠢ ᠬᠠᠢ᠌ᠷᠠᠳᠠᠢ︕
ᠵᠤᠬᠢᠶᠠᠭᠴᠢ ᠶᠢᠨ 《ᠮᠢᠨᠤ ᠬᠠᠯᠳᠠᠷ ᠭᠦᠯᠦᠭᠡ》 (1990 ᠣᠨ) ᠭᠡᠭᠦ ᠬᠡᠦᠬᠡᠳ ᠤᠨ ᠰᠢᠯᠦᠭ᠌ ᠤᠨ ᠳᠡᠭᠦᠪᠦᠷᠢ ᠡᠴᠡ᠃
ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 3074
ᠴᠠᠭ᠄ 2009 ᠤᠨ ᠤ 09 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ