ᠨᠡᠪᠲᠡᠷᠡᠨ ᠤᠷᠤᠬᠤ
ᠰᠢᠭᠤᠷᠭᠠᠠᠳᠤ ᠰᠦᠨᠢ

ᠳᠡᠭ᠍ᠷᠢ ᠶᠢᠨ ᠣᠳᠤᠳ ᠵᠠᠨᠤᠯ ᠰᠢᠭ ᠭᠢᠯᠠᠯᠵᠠᠵᠤ

ᠳᠡᠷᠭᠡᠳᠡᠭᠢ ᠬᠤᠴᠠᠯᠳᠠ ᠬᠤᠯᠠ ᠪᠣᠯᠵᠤ ᠪᠦᠷᠳᠣᠢ᠌ᠨ᠎ᠠ

ᠰᠡᠳᠭᠢᠯ ᠣᠬᠠᠭ᠎ᠠ ᠳᠤ ᠴᠢᠯᠳᠡᠭᠡᠷ ᠮᠠᠯᠴᠠᠢ᠌ᠮ᠎ᠠ ᠬᠠᠤᠭᠢᠨ

ᠰᠠᠷᠠᠯ ᠤᠨ ᠳᠡᠭ᠍ᠷᠢ ᠰᠢᠭᠤᠷᠭ᠎ᠠ ᠳᠤ ᠭᠠᠰᠢᠭᠤᠨ ᠳᠤᠷᠰᠣᠢ᠌ᠨ᠎ᠠ

ᠭᠡᠨᠡᠳᠲᠡ ᠣᠨᠠᠬᠤ ᠬᠤᠷᠤᠰᠤᠯ ᠴᠢᠷᠭᠦ ᠰᠤᠯᠢᠷ ᠡᠴᠡ

ᠭᠡᠳᠡᠭᠡᠷ ᠪᠢᠷ ᠳᠠᠴᠢᠭᠢᠨᠠᠨ ᠳᠠᠴᠢᠭᠢᠨᠠᠨ ᠳᠤᠪᠳᠤᠯᠵᠤ

ᠭᠡᠷ ᠳᠡᠯᠡᠭᠡᠢ ᠶᠢᠨ ᠡᠷᠭᠡ ᠳᠤᠰᠠᠭᠠᠷ ᠤᠨ ᠳᠦᠯᠦᠭᠡ

ᠭᠡᠭᠡ ᠣᠷᠤᠳᠠᠯ᠎ᠠ ᠡᠪᠦᠯ ᠤᠨ ᠣᠮᠤᠭ ᠢ ᠳᠠᠷᠤᠨ᠎ᠠ

ᠵᠤᠬᠢᠶᠠᠭᠴᠢ᠄ ᠭᠠᠳᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2634
ᠴᠠᠭ᠄ 2009 ᠤᠨ ᠤ 05 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ