ᠨᠡᠪᠲᠡᠷᠡᠨ ᠤᠷᠤᠬᠤ
ᠡᠵᠢ ᠶᠢᠨ ᠬᠠᠢ᠌ᠷ᠎ᠠ

ᠡᠩ ᠦᠭᠡᠶ ᠨᠤᠭᠤᠭᠠᠨ ᠳᠤᠷᠭ᠎ᠠ

ᠤᠯᠦᠮ ᠲ᠋ᠡᠢ ᠭᠦᠨ ᠳᠠᠩᠭᠢᠰ

ᠦᠨᠳᠦᠷ ᠠᠭᠤᠯᠠᠨ ᠤ ᠨᠥᠮᠵᠦᠭ᠌

ᠡᠭᠡᠯ ᠨᠠᠳᠠ ᠳᠤ ᠪᠠᠨ ᠪᠣᠷᠬᠠᠨ

ᠡᠵᠢ ᠶᠢᠨ ᠬᠠᠢ᠌ᠷ᠎ᠠ

ᠭᠦᠮᠤᠨ ᠤ ᠨᠠᠷᠠ᠃


ᠵᠥᠭᠡᠯᠡᠨ ᠳᠤᠨᠤᠯᠵᠠᠬᠤ ᠭᠦᠭᠡ ᠳᠡᠭ᠍ᠷᠢ

ᠵᠥᠭ᠌ ᠪᠦᠭᠦᠨ ᠤ ᠳᠤᠯᠠᠭᠠᠨ ᠰᠠᠯᠭᠢᠨ

ᠵᠦᠰᠠᠷ ᠪᠣᠷᠤᠭᠠᠨ ᠤ ᠰᠢᠪᠠᠷᠡᠭᠡ ᠠᠨᠢᠷ

ᠵᠥᠰᠦᠭ᠍ᠰᠡᠨ ᠡᠭᠡᠵᠡᠭᠡᠢ ᠶᠢᠨ ᠰᠢᠭᠢᠷᠯᠢᠭ᠌ ᠠᠮᠳᠠ

ᠡᠵᠢ ᠶᠢᠨ ᠬᠠᠢ᠌ᠷ᠎ᠠ

ᠭᠦᠮᠤᠨ ᠤ ᠨᠠᠷᠠ᠃


ᠬᠤᠷᠸ᠎ᠠ ᠳᠤ ᠬᠤᠤᠰ ᠦᠭᠡᠶ ᠰᠥ᠋

ᠬᠤᠪᠳᠤᠯ ᠳᠤ ᠣᠷᠤᠰᠬᠤ ᠴᠢᠰᠤ

ᠬᠠᠢ᠌ᠷ᠎ᠠ ᠨᠢ ᠬᠠᠳᠠ ᠰᠢᠭ ᠰᠦᠷ

ᠬᠠᠷᠠᠴᠠ ᠨᠢ ᠭᠤᠤᠯ ᠰᠢᠭ ᠣᠬᠠᠭᠠᠨ

ᠡᠵᠢ ᠶᠢᠨ ᠬᠠᠢ᠌ᠷ᠎ᠠ

ᠭᠦᠮᠤᠨ ᠤ ᠨᠠᠷᠠ᠃


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠳᠤᠮᠳᠠᠳᠤ ᠬᠤᠰᠢᠭᠤ

ᠵᠤᠬᠢᠶᠠᠭᠴᠢ᠄ ᠰ·ᠠᠶᠠᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 4970
ᠴᠠᠭ᠄ 2012 ᠤᠨ ᠤ 04 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ