ᠨᠡᠪᠲᠡᠷᠡᠨ ᠤᠷᠤᠬᠤ
ᠭᠤᠮᠪᠣ ᠶᠢᠨ ᠭᠢᠨ

ᠨᠢᠭᠡ


ᠴᠠᠭᠠᠨ ᠣᠨᠢᠶᠠᠷ ᠭᠦᠪᠴᠢᠯᠡᠭ᠍ᠳᠡᠨ ᠵᠢᠷᠪᠢᠭᠢᠨᠡᠭᠦ ᠵᠡᠷᠭᠡᠯᠭᠡᠨ ᠰᠥᠮᠡᠯᠵᠡᠭ᠍ᠰᠡᠨ ᠴᠢᠯᠠᠭᠤᠳᠤ ᠱᠠᠯᠠ ᠶᠢᠨ ᠳᠠᠯ᠎ᠠ ᠳᠤᠮᠳᠠ ᠴᠥᠭᠡᠪᠳᠦᠷ ᠨᠢᠭᠡ ᠬᠤᠳᠠᠨ ᠮᠠᠯ ᠳᠤᠭᠤᠰᠤᠷᠠᠵᠤ ᠥᠭᠡᠳᠡᠯᠡᠨ᠎ᠡ᠃ ᠬᠣᠢ᠌ᠨ᠎ᠠ ᠡᠴᠡ ᠨᠢ ᠳᠤᠰᠤᠳᠠᠵᠤ ᠮᠥᠭᠦᠯᠢᠭ᠍ᠳᠡᠭ᠍ᠰᠡᠨ ᠬᠠᠷ᠎ᠠ ᠳᠤᠷᠭᠠᠨ ᠰᠠᠭᠠᠯᠳᠤᠷᠭ᠎ᠠ ᠲᠡᠶ ᠥᠩᠭᠡ ᠨᠢ ᠪᠠᠭᠤᠷᠠᠭᠰᠠᠨ ᠴᠡᠩᠭᠡᠷ ᠣᠷᠤᠰ ᠮᠠᠯᠠᠭᠠᠢ ᠶᠢ ᠬᠠᠵᠠᠭᠠᠢ ᠳᠠᠯᠪᠢᠵᠤ᠂ ᠰᠢᠨᠠ ᠶᠢ ᠨᠢ ᠬᠤᠯᠪᠤᠨ ᠣᠷᠤᠰᠤᠭᠰᠠᠨ ᠭᠬᠢᠷᠯᠷᠭ᠌ ᠭᠦᠯᠦᠰᠤ ᠡᠩᠭᠡᠷ ᠢ ᠨᠢ ᠲᠠᠭᠠᠨ ᠭᠢᠯᠠᠰᠤᠭᠰᠠᠨ ᠳᠤᠮᠳᠠ ᠶᠢᠨ ᠪᠠᠶ᠎ᠠ ᠲᠡᠶ ᠳᠠᠪᠢᠭᠠᠤᠨ ᠨᠠᠰᠤᠨ ᠤ ᠬᠠᠷ᠎ᠠ ᠡᠪᠦᠭᠡᠨ ᠦᠨᠳᠦᠷ ᠰᠢᠯᠪᠢ ᠲᠡᠶ ᠪᠣᠯᠠᠭ ᠭᠡᠭᠡᠷ ᠮᠤᠷᠢ ᠣᠨᠤᠭᠠᠤᠨ᠂ ᠭᠡᠳᠡᠷᠭᠦ ᠪᠠᠨ ᠡᠷᠭᠢᠨ ᠮᠥᠭᠡᠷᠡᠯᠳᠦᠵᠤ ᠵᠤᠭᠰᠤᠭ᠎ᠠ ᠠᠷᠪᠠᠭᠠᠤᠨ ᠥᠭᠡᠷ ᠢ ᠳᠦᠯᠭᠢᠭᠦ ᠶᠢᠨ ᠨᠠᠭᠠᠭᠤᠷ ᠳᠠᠰᠢᠭᠤᠷᠳᠠᠵᠤ ᠳᠠᠭᠤᠨ᠎ᠠ᠃ ᠠᠴᠢᠶᠠᠳᠠᠢ ᠳᠠᠪᠤᠨ ᠳᠡᠮᠡᠭᠡ ᠶᠢ ᠴᠥᠷᠭᠦᠯᠡᠵᠤ ᠭᠦᠳᠦᠯᠦᠭ᠍ᠰᠡᠨ ᠢᠳᠠᠷ ᠨᠠᠰᠤᠨ ᠤ ᠳᠠᠷᠭᠤᠯᠠᠭ ᠪᠦᠰᠡᠭᠦᠢ ᠶᠠᠪᠣᠴᠠ ᠮᠠᠭᠤᠳᠠᠢ ᠰᠢᠷ᠎ᠠ ᠵᠡᠭᠡᠷᠳᠡ ᠮᠤᠷᠢ ᠣᠨᠤᠵᠤ ᠮᠠᠯ ᠤᠨ ᠰᠡᠭᠦᠯ ᠳᠠᠭᠠᠬᠤ ᠪᠦᠭᠡᠤᠨ ᠣᠷᠤᠢ ᠳᠦᠭᠦᠷᠡᠩ ᠦᠨᠳᠦᠷ ᠴᠠᠭᠠᠨ ᠮᠠᠯᠠᠭᠠᠢ ᠳᠡᠭᠡᠷ᠎ᠡ ᠣᠯᠠᠭᠠᠨ ᠳᠤᠷᠭᠠᠨ ᠱᠨ ᠳᠠᠪᠬᠤᠷᠯᠠᠵᠤ ᠵᠠᠩᠭᠢᠯᠠᠭᠰᠠᠨ ᠬᠤᠷᠢᠨ ᠨᠢ᠋ᠮᠠ ᠶ‍ᠢᠰᠤᠨ ᠨᠠᠰᠤᠨ ᠤ ᠪᠣᠷᠤ ᠭᠡᠦᠭᠡᠨ ᠥᠷᠭᠦᠪᠳᠦᠷ ᠳᠦᠷᠭᠦ ᠲᠡᠶ ᠬᠠᠯᠢᠭᠤᠨ ᠮᠤᠷᠢ ᠣᠨᠤᠭᠠᠤᠨ ᠠᠴᠢᠶᠠᠳᠠᠢ ᠳᠡᠮᠡᠭᠡᠨ ᠤ ᠠᠷᠤ ᠡᠮᠦᠨᠡᠭᠦᠷ ᠰᠦᠯᠵᠢᠨ ᠰᠥᠷᠦᠭ᠌ ᠤᠨ ᠶᠢᠡᠨ ᠰᠡᠭᠦᠯ ᠢ ᠭᠦᠢᠴᠡᠭᠡᠵᠤ ᠶᠠᠪᠣᠨ᠎ᠠ᠃ ᠡᠨᠡ ᠭᠡᠳᠦᠭᠦᠯᠡ ᠪᠣᠯ ᠰᠢᠪᠠᠷᠳᠤ ᠨᠢᠭᠡᠳᠦᠯ ᠤᠨ ᠭᠤᠷᠪᠠᠨ ᠣᠪᠣᠭ᠎ᠠ ᠳᠤᠰᠬᠤᠨ ᠤ ᠬᠤᠵᠢᠷᠳᠤ ᠳᠤ ᠨᠤᠳᠤᠭ ᠲᠡᠶ ᠭᠤᠮᠪᠣ ᠶᠢᠨ ᠭᠢ ᠪᠦᠭᠡᠤᠨ ᠡᠨᠡ ᠠᠢ᠌ᠯ ᠤᠨ ᠬᠤᠨᠤᠭ ᠤᠨ ᠵᠤᠭᠤᠭ᠂ ᠬᠤᠯᠠ ᠶᠢᠨ ᠵᠡᠭᠦᠳᠤ ᠪᠣᠯᠵᠤ ᠠᠮᠢᠯᠠᠭᠰᠠᠨ 《ᠭᠦᠯ ᠵᠢᠭᠢᠭᠦ ᠭᠠᠵᠠᠷ》 ᠭᠡᠭ᠍ᠴᠢ ᠭᠠᠵᠠᠷ ᠣᠷᠤᠨ ᠳᠠᠭᠠᠨ ᠨᠡᠭᠦᠵᠤ ᠶᠠᠪᠣᠭ᠎ᠠ ᠨᠢ ᠡᠨᠡ ᠪᠠᠢ᠌ᠨ᠎ᠠ᠃

ᠱᠠᠯᠠ ᠳᠤ ᠳᠤᠭᠤᠰᠤᠷᠠᠭ᠎ᠠ ᠭᠤᠮᠪᠣ ᠶᠢᠨ ᠭᠢ ᠶᠢ ᠳᠤᠷᠠᠠᠳᠠᠵᠤ ᠬᠤᠴᠤᠷᠤᠭᠰᠠᠨ ᠭᠤᠷᠪᠠᠨ ᠣᠪᠣᠭ᠎ᠠ ᠶᠢᠨ ᠠᠢ᠌ᠯ ᠤᠳ ᠲᠤ ᠡᠨᠡ ᠡᠳᠦᠷ ᠤᠨ ᠠᠵᠢᠯ ᠤᠨ ᠴᠢᠯᠦᠭᠡᠨ ᠤ ᠵᠤᠭᠤᠭ ᠳᠤᠨᠢ ᠭᠤᠮᠪᠣ ᠶᠢᠨ ᠭᠢ ᠡᠴᠡ ᠥᠭᠡᠷ᠎ᠡ ᠶᠠᠭᠤᠮ᠎ᠠ ᠪᠠᠢ᠌ᠭᠰᠠᠨ ᠦᠭᠡᠶ᠃ ᠬᠠᠵᠠᠭᠤ ᠬᠠᠪᠢ ᠶᠢᠨ ᠠᠢ᠌ᠯ ᠰᠠᠭᠠᠬᠠᠯᠳᠠ ᠲᠡᠶ ᠪᠠᠨ ᠡᠪᠠᠰᠤ ᠪᠠᠯᠴᠢᠭᠡᠷ ᠤᠨ ᠳᠤᠬᠠᠢ ᠥᠭᠡ ᠪᠣᠯᠢᠶᠠᠯᠴᠠᠨ ᠰᠢᠯᠤᠰᠤ ᠥᠰᠦᠷᠭᠡᠵᠤ ᠵᠠᠭᠠᠭ ᠳᠡᠮᠳᠡᠭ᠌ ᠤᠨ ᠶᠢᠡᠨ ᠮᠤᠳᠤ ᠴᠢᠯᠠᠭᠤ ᠶᠢ ᠰᠦᠨᠢ ᠡᠳᠦᠷ ᠦᠭᠡᠶ ᠨᠠᠰᠢ ᠴᠠᠰᠢ ᠨᠡᠭᠦᠯᠭᠡᠵᠤ ᠪᠠᠢ᠌ᠭᠰᠠᠨ ᠡᠨᠡ ᠠᠢ᠌ᠯ ᠤᠨ ᠭᠤᠷᠪᠠᠨ ᠠᠮᠠ ᠮᠠᠨᠢ ᠣᠷᠴᠢᠮ ᠤᠨ ᠬᠤᠶᠠᠷ ᠭᠤᠷᠪᠠᠨ ᠵᠢᠯ ᠳᠤ ᠳᠡᠭᠡᠳᠤ ᠱᠠᠳᠤᠨ ᠤ ᠰᠠᠨᠠᠭᠤᠯᠭ᠎ᠠ ᠱᠠᠭᠠᠷᠳᠠᠯᠭ᠎ᠠ ᠪᠠᠷ ᠪᠠᠯᠴᠢᠭᠡᠷ ᠶᠢᠡᠨ ᠬᠠᠭᠠᠰ ᠬᠤᠭᠤᠰ ᠳᠤᠤᠷᠯᠠᠵᠤ ᠲᠦᠷ ᠨᠠᠮᠵᠢᠭᠰᠠᠨ ᠪᠣᠯᠪᠠᠴᠤ ᠳᠠᠮᠠᠢ ᠣᠳᠠᠭᠰᠠᠨ ᠦᠭᠡᠶ ᠪᠣᠳᠤᠯ ᠰᠠᠤᠠᠭᠢᠯ ᠳ᠋ᠤᠨᠢ ᠬᠤᠪᠢᠷᠠᠯ ᠭᠠᠷᠴᠤ᠂ 《ᠵᠢᠭᠢᠭᠦ ᠳᠤ ᠭᠦᠯ ᠳᠡᠭᠡᠭᠯᠡᠭᠦ ᠡᠨᠡ ᠵᠢᠭᠠᠬᠠᠨ ᠠᠯᠠᠭᠠᠨ ᠴᠢᠨᠡᠭᠡᠨ ᠭᠦᠷᠦᠰᠤ ᠰᠢᠷᠤᠢ ᠳᠡᠭᠡᠷ᠎ᠡ ᠠᠮᠢᠳᠤᠷᠠᠬᠤ ᠶᠢᠨ ᠣᠷᠤᠨ ᠳᠤ ᠭᠦᠮᠤᠨ ᠠᠮᠢᠳᠠᠨ ᠦᠭᠡᠶ ᠡᠵᠡᠭᠦᠢ ᠭᠡᠭᠡᠷ᠎ᠡ ᠳᠤ ᠭᠦᠷᠴᠤ ᠠᠮᠢᠳᠤᠷᠠᠪᠠᠯ ᠯᠠᠪᠳᠠᠢ ᠰᠠᠨᠠᠭ᠎ᠠ ᠠᠮᠤᠷ ᠭᠦᠯ ᠵᠢᠭᠢᠵᠤ ᠴᠢᠳᠠᠨ᠎ᠠ᠃ ᠡᠨᠡ ᠴᠢᠦᠡᠭᠦᠷ ᠤᠨ ᠣᠷᠤᠨ ᠳᠤ ᠭᠡᠨ ᠳᠤᠷᠠᠳᠠᠢ ᠪᠣᠯ ᠢᠷᠠᠵᠤ ᠰᠠᠭᠤ᠃ ᠳᠠᠭᠢᠵᠤ ᠡᠭᠦᠨ ᠳᠡᠭᠡᠷ᠎ᠡ ᠴᠢᠨᠢ ᠪᠠᠭᠠᠰᠤ ᠪᠠᠨ ᠴᠤ ᠬᠠᠶᠠᠬᠤ ᠦᠭᠡᠶ》 ᠭᠡᠵᠤ ᠪᠠᠢ᠌ᠭᠰᠠᠨ ᠭᠤᠮᠪᠣ ᠶᠢᠨ ᠥᠭᠡ ᠬᠤᠭᠤᠰᠤᠨ ᠬᠠᠷ᠎ᠠ ᠪᠠᠭᠤᠷᠢ ᠲᠡᠶ ᠪᠠᠨ ᠬᠠᠮᠳᠤ ᠬᠤᠵᠢᠷᠳᠤ ᠳᠤ ᠬᠤᠴᠤᠷᠴᠠᠢ᠃

ᠭᠤᠮᠪᠣ ᠶᠢᠨ ᠠᠴᠢᠶ᠎ᠠ ᠮᠠᠯ ᠦᠳᠡ ᠭᠡᠴᠡᠢ᠌ᠭᠦ ᠶᠢᠨ ᠦᠶᠡᠰ ᠠᠷᠠᠢ ᠴᠢᠷᠠᠢ ᠱᠠᠯᠠ ᠥᠩᠭᠡᠷᠡᠵᠤ ᠭᠠᠷᠤᠭᠠᠤᠨ ᠠᠭᠤᠯᠠ ᠶᠢᠨ ᠬᠤᠷᠮᠤᠢ ᠭᠦᠷᠴᠤ᠂ ᠭᠡᠭᠡᠷᠡᠳᠤ ᠥᠭᠡᠳᠡ ᠶᠠᠪᠣᠬᠤ ᠰᠠᠢ ᠭᠤᠤᠯ ᠤᠨ ᠠᠮᠠᠨ ᠳᠤ ᠳᠦᠭᠦᠵᠤ ᠢᠷᠠᠯ᠎ᠠ᠃ ᠭᠡᠳᠤᠨ ᠥᠭᠡᠷ ᠲᠡᠶ ᠪᠠᠨ ᠵᠠᠮ ᠳᠤᠵᠢ ᠭᠡᠷᠡᠭᠦᠯ ᠵᠤᠳᠤᠭᠠᠨ ᠪᠣᠯᠵᠤ ᠶᠠᠪᠣᠭᠰᠠᠨ ᠭᠤᠮᠪᠣ᠂ ᠣᠰᠤ ᠪᠠᠭᠠᠰᠤ ᠪᠣᠯᠴᠢᠬᠠᠭᠰᠠᠨ ᠪᠣᠯᠠᠭ ᠭᠡᠭᠡᠷ ᠮᠤᠷᠢ ᠪᠠᠨ ᠭᠤᠶᠠᠳᠠᠭᠰᠠᠭᠠᠷ ᠠᠴᠢᠶ᠎ᠠ ᠭᠦᠳᠦᠯᠵᠤ ᠶᠠᠪᠣᠭ᠎ᠠ ᠡᠭᠡᠨᠡᠷ ᠳᠤᠯᠮ᠎ᠠ ᠪᠠᠨ ᠭᠦᠢᠴᠡᠵᠤ ᠭᠦᠷᠦᠭᠡᠤᠨ ᠬᠤᠨᠤᠭᠯᠠᠬᠤ ᠪᠠᠷ ᠵᠦᠪᠳᠠᠯᠴᠠᠵᠤ ᠠᠴᠢᠶ᠎ᠠ ᠪᠠᠨ ᠪᠠᠭᠤᠯᠭᠠᠪᠠ᠃ ᠡᠳᠡᠨ ᠤ ᠬᠣᠢ᠌ᠨ᠎ᠠ ᠡᠴᠡ ᠳᠤᠩᠰᠢᠭ᠎ᠠ ᠪᠣᠷᠤ ᠪᠠᠢ᠌ᠳᠠᠰᠤ ᠵᠠᠢ᠌ᠳᠠᠯᠠᠭᠰᠠᠨ ᠦᠮᠦᠳᠦᠨ ᠰᠢᠯᠪᠢ ᠪᠠᠨ ᠡᠪᠦᠳᠦᠭ᠌ ᠳᠠᠪᠠᠳᠠᠯ᠎ᠠ ᠡᠷᠭᠢᠭᠦᠯᠵᠤ᠂ ᠥᠩᠭᠡ ᠨᠢ ᠰᠢᠪᠠᠷ ᠲᠡᠶ ᠳᠠᠨᠢᠭᠳᠠᠬᠤ ᠪᠠᠨ ᠪᠠᠢ᠌ᠴᠢᠬᠠᠭᠰᠠᠨ ᠪᠦᠰ ᠱᠠᠬᠠᠢ ᠶᠢ ᠮᠥᠯᠳᠦᠷᠡᠩᠭᠡᠨ ᠡᠮᠦᠰᠴᠤ᠂ ᠪᠦᠭᠦ ᠪᠠᠶ᠎ᠠ ᠨᠢ ᠰᠢᠪᠠᠷ ᠪᠠᠯᠴᠢᠭ ᠪᠣᠯᠴᠢᠬᠠᠭᠰᠠᠨ ᠬᠤᠷᠢ ᠭᠠᠷᠤᠢ ᠨᠠᠰᠤᠨ ᠤ ᠭᠦᠳᠡᠷᠯᠢᠭ᠌ ᠵᠠᠯᠠᠭᠤ ᠭᠠᠷ ᠭᠦᠯ ᠳᠦᠷᠪᠡ ᠪᠠᠨ ᠵᠡᠷᠭᠡ ᠭᠦᠳᠡᠯᠭᠡᠭ᠍ᠰᠡᠭᠡᠷ ᠣᠢ᠌ᠷᠠᠳᠠᠵᠤ ᠶᠠᠪᠣᠭ᠎ᠠ ᠶᠢ ᠮᠠᠯ ᠶᠢᠡᠨ ᠡᠷᠭᠢᠭᠦᠯᠤᠨ ᠳᠦᠯᠡᠭᠦ ᠴᠦᠪᠣᠳᠠᠯ ᠳᠡᠭᠦᠭ᠍ᠰᠡᠭᠡᠷ ᠢᠷᠡᠭᠡ ᠴᠠᠭᠠᠨ‍ᠴᠡᠴᠡᠭ ᠡᠴᠡ ᠥᠭᠡᠷ᠎ᠡ ᠳᠡᠭᠦᠨ ᠢ ᠣᠯᠵᠤ ᠠᠩᠬᠠᠷᠤᠭᠰᠠᠨ ᠭᠦᠮᠤᠨ ᠠᠯᠠᠭ᠎ᠠ᠃

ᠰᠢᠪᠠᠷᠴᠢᠨ ᠡᠮᠨᠢᠭ᠍ᠴᠢᠨ ᠤ ᠠᠵᠢᠯ ᠭᠢᠳᠠᠯ ᠤᠨ ᠠᠯᠢᠨ ᠳ᠋ᠤᠨᠢ ᠳᠠᠭᠠᠷᠠᠭᠤᠯᠵᠤ ᠭᠡᠯᠡᠭ᠍ᠰᠡᠨ ᠴᠤ ᠪᠣᠷᠤᠭᠤᠳᠠᠮᠠᠷ ᠭᠠᠵᠠᠷ ᠦᠯᠦ ᠣᠯᠳᠠᠬᠤ ᠡᠨᠡ ᠵᠠᠯᠠᠭᠤ ᠪᠣᠯ ᠨᠢᠭᠡᠳᠦᠯ ᠤᠨ ᠳᠠᠷᠤᠭ᠎ᠠ ᠪᠠᠶᠠᠷ ᠤᠨ ᠭᠦᠤ ᠪᠠᠳᠤ ᠮᠦᠨ ᠠᠵᠠᠢ᠃ ᠭᠤᠮᠪᠣ ᠶᠢᠨ ᠭᠠᠭᠴᠠ ᠭᠡᠦᠭᠡᠨ ᠳ᠋ᠤᠨᠢ ᠭᠦᠷᠭᠡᠨ ᠶᠢᠡᠷ ᠪᠠᠭᠤᠬᠤ ᠭᠡᠵᠤ ᠣᠢ᠌ᠷ᠎ᠠ ᠶᠢᠨ ᠵᠢᠯ ᠡᠴᠡ ᠡᠨᠡ ᠠᠢ᠌ᠯ ᠢ ᠪᠠᠷᠠᠭᠠᠳᠠᠵᠤ ᠶᠠᠪᠣᠭ᠎ᠠ ᠪᠦᠭᠡᠤᠨ ᠡᠨᠡ ᠣᠳᠠᠭ᠎ᠠ ᠭᠦᠳᠡᠭᠡ ᠣᠴᠢᠵᠤ ᠠᠢ᠌ᠯ ᠬᠠᠪᠰᠤᠷᠴᠤ ᠪᠠᠢ᠌ᠭᠠᠤᠨ ᠡᠪᠠᠰᠤᠨ ᠬᠠᠳᠤᠯᠠᠩ ᠳᠡᠭᠡᠷ᠎ᠡ ᠡᠴᠡ ᠡᠳᠡᠨ ᠤ ᠨᠡᠭᠦᠳᠡᠯ ᠢ ᠣᠯᠵᠤ ᠥᠵᠡᠭᠡᠤᠨ ᠵᠠᠮ ᠳᠤ ᠭᠠᠷᠭᠠᠯᠴᠠᠬᠤ ᠪᠠᠷ ᠶᠠᠭᠠᠷᠠᠤ ᠰᠠᠠᠳᠤᠷᠤᠤ ᠭᠦᠷᠴᠤ ᠢᠷᠡᠭ᠍ᠰᠡᠨ ᠨᠢ ᠡᠨᠡ ᠪᠠᠢ᠌ᠵᠠᠢ᠃

ᠨᠤᠳᠤᠭ ᠰᠢᠯᠵᠢᠵᠤ ᠶᠠᠪᠣᠭ᠎ᠠ ᠡᠨᠡ ᠭᠤᠮᠪᠣ ᠶᠢᠨ ᠭᠢᠨ ᠮᠠᠨᠢ ᠰᠢᠪᠠᠷᠳᠤ ᠳᠠᠭᠠᠨ ᠪᠠᠭ᠎ᠠ ᠪᠣᠰᠤ ᠥᠯᠢᠭᠡᠷ ᠲᠡᠶ ᠶᠤᠮᠰᠠᠨ᠃ ᠮᠠᠯ ᠠᠬᠤᠢ ᠴᠥᠭᠡᠨ᠂ ᠭᠤᠷᠪᠠᠬᠠᠨ ᠭᠦᠮᠤᠨ ᠠᠮᠠ ᠲᠡᠶ ᠡᠨᠡ ᠠᠢ᠌ᠯ ᠢ ᠥᠵᠡᠭᠦ ᠳᠤ ᠵᠤᠪᠠᠮᠠᠷ ᠭᠠᠵᠠᠷ ᠦᠭᠡᠶ᠃ ᠬᠤᠵᠢᠷᠳᠤ ᠭᠡᠭ᠍ᠴᠢ ᠭᠤᠷᠪᠠᠨ ᠣᠪᠣᠭ᠎ᠠ ᠳᠠᠭᠠᠨ ᠪᠣᠯᠬᠤ ᠯᠠ ᠭᠠᠵᠠᠷ᠃ ᠮᠡᠳᠡᠭᠦ ᠦᠭᠡᠶ ᠳᠠᠨᠢᠬᠤ ᠦᠭᠡᠶ ᠣᠯᠤᠰ ᠤᠳ ᠬᠤᠵᠢᠷᠳᠤ ᠭᠡᠰᠡᠨ ᠨᠠᠷ᠎ᠠ ᠶᠢ ᠰᠤᠨᠤᠰᠤᠭᠰᠠᠭᠠᠷ ᠯᠠ ᠬᠤᠵᠢᠷ ᠶᠡᠭᠡᠳᠡᠢ ᠭᠡᠴᠡᠭᠦᠤ ᠬᠠᠭᠢᠷ ᠭᠠᠵᠠᠷ ᠪᠠᠢ᠌ᠯᠳᠠᠢ ᠭᠡᠵᠤ ᠵᠢᠷᠦᠭᠡᠰᠢᠶᠡᠳᠡᠭ᠌ ᠪᠣᠯᠪᠠᠴᠤ ᠦᠨᠡᠨ ᠳᠡᠭᠡᠨ ᠣᠰᠤ ᠡᠪᠠᠰᠤ ᠳᠡᠭ᠍ᠰᠢ᠂ ᠭᠠᠵᠠᠷ ᠵᠥᠭᠡᠯᠡᠨ᠂ ᠨᠡᠭᠦᠵᠤ ᠵᠥᠭᠡᠭᠡᠭᠦ ᠭᠡᠷᠡᠭ᠍ᠴᠡᠭᠡ ᠳᠠᠮᠠᠢ ᠦᠭᠡᠶ᠃ ᠡᠪᠯᠡᠵᠤ ᠢᠳᠠᠪᠠᠯ ᠵᠢᠯ ᠤᠨ ᠳᠦᠷᠪᠡᠨ ᠣᠯᠠᠷᠢᠯ ᠢ ᠭᠠᠭᠴᠠ ᠯᠠ ᠪᠠᠭᠤᠷᠢ ᠳᠡᠭᠡᠷ᠎ᠡ ᠠᠪᠴᠤ ᠳᠠᠯᠪᠢᠳᠠᠭ ᠳᠡᠦᠭᠡ ᠲᠡᠶ᠃ ᠭᠠᠷᠪᠠᠨ ᠣᠪᠣᠭ᠎ᠠ ᠳᠠᠭᠠᠨ ᠶᠤᠰᠤᠳᠠᠢ ᠨᠢᠳᠤ ᠨᠢ ᠶᠤᠮ ᠪᠠᠢ᠌ᠯ᠎ᠠ᠃ ᠡᠪᠠᠰᠤ ᠪᠠᠯᠴᠡᠭᠡᠷ ᠬᠤᠪᠢᠶᠠᠬᠤ ᠦᠶ᠎ᠡ ᠡᠷᠦᠭᠡ ᠪᠦᠭᠦᠨ ᠡᠪᠦᠷ ᠳᠤᠳᠤᠷ᠎ᠠ ᠪᠠᠨ ᠮᠠᠨᠢ ᠪᠠᠨ ᠳᠤᠭᠠᠯᠠᠵᠤ᠂ ᠳᠠᠭᠢᠯᠭ᠎ᠠ ᠶᠢᠨ ᠭᠤᠷᠪᠠᠨ ᠣᠪᠣᠭ᠎ᠠ ᠳᠠᠭᠠᠨ ᠵᠠᠯᠪᠢᠷᠠᠵᠤ ᠮᠥᠷᠭᠦᠨ ᠰᠠᠩ ᠰᠠᠷᠵᠢᠮ ᠶᠢᠡᠨ ᠳᠠᠯᠪᠢᠭᠠᠤᠨ᠂ ᠬᠤᠵᠢᠷᠳᠤ ᠳᠤ ᠭᠦᠰᠡᠯ ᠶᠢᠡᠨ ᠬᠠᠶᠠᠴᠠᠭᠠᠵᠤ ᠪᠠᠢ᠌ᠭᠰᠠᠨ᠃ ᠪᠠᠯᠴᠢᠭᠡᠷ ᠬᠤᠪᠢᠶᠠᠬᠤ ᠡᠳᠦᠷ ᠨᠢᠭᠡᠳᠦᠯ ᠤᠨ ᠪᠠᠶᠠᠷ ᠳᠠᠷᠤᠭ᠎ᠠ ᠭᠦᠷᠴᠤ ᠢᠷᠡᠭᠡᠤᠨ᠂ ᠭᠤᠷᠪᠠᠨ ᠣᠪᠣᠭ᠎ᠠ ᠳᠤᠰᠬᠤᠨ ᠤ ᠪᠦᠭᠦ ᠭᠡᠰᠢᠭᠦᠤᠨ ᠶᠢᠡᠨ ᠴᠤᠭᠯᠠᠭᠤᠯᠤᠨ ᠬᠤᠷᠠᠯ ᠭᠢᠵᠤ ᠣᠯᠠᠨ ᠤ ᠰᠠᠨᠠᠯ ᠶᠢᠡᠷ ᠰᠢᠪᠠᠭ᠎ᠠ ᠰᠢᠭᠦᠷᠡᠭᠦᠯᠵᠤ ᠡᠭᠢᠯᠡᠭᠦ ᠳᠤ᠂ ᠶᠠᠷᠤ ᠡᠴᠡ ᠬᠤᠷᠠᠯ ᠴᠤᠭᠯᠠᠭᠠᠨ ᠳᠡᠭᠡᠷ᠎ᠡ ᠭᠡᠷᠡᠭᠦᠯ ᠶᠢᠡᠷ ᠳᠠᠰᠤᠷᠠᠳᠠᠭ ᠦᠭᠡᠶ ᠭᠤᠮᠪᠣ ᠬᠠᠠᠴᠤᠢ ᠡᠷᠭᠢᠭᠦᠯᠤᠨ ᠪᠠᠶᠠᠷ ᠤᠨ ᠡᠮᠦᠨ᠎ᠡ ᠡᠴᠡ ᠪᠣᠰᠴᠤ ᠢᠷᠡᠭᠡᠤᠨ 《ᠣᠯᠤᠰ ᠤᠨ ᠴᠠᠭᠠᠨ ᠮᠠᠠᠳᠤᠤ ᠶᠢ ᠢᠳᠠᠵᠤ ᠮᠡᠳᠡᠭᠦ ᠡᠴᠡ ᠪᠢᠰᠢ ᠴᠢ ᠶᠠᠮᠠᠷ ᠪᠠᠭᠠᠰᠤ ᠪᠠᠨ ᠮᠡᠳᠡᠭᠦᠪ᠃ ᠡᠨᠡ ᠨᠤᠳᠤᠭ ᠳᠡᠭᠡᠷ᠎ᠡ ᠪᠢ ᠳᠠᠪᠢᠭᠠᠤᠨ ᠵᠢᠯ ᠠᠮᠢᠳᠤᠷᠠᠵᠤ ᠪᠣᠯᠤᠭᠰᠠᠨ ᠪᠠᠢ᠌ᠬᠤ ᠳᠤ ᠨᠢᠭᠡ ᠪᠠᠭᠤᠷᠢ ᠰᠤᠩᠭ᠋ᠤᠵᠤ ᠠᠪᠬᠤ ᠡᠷᠭᠡ ᠶᠢ ᠴᠢ ᠬᠠᠰᠤᠨ᠎ᠠ ᠭᠡᠨ᠎ᠡ︖ ᠳᠦᠭᠡ ᠭᠦᠷᠭᠦ ᠦᠭᠡᠶ ᠳᠦᠷᠪᠡᠯᠵᠢᠨ ᠴᠠᠭᠠᠨ ᠴᠠᠭᠠᠰᠤ ᠪᠠᠷ ᠪᠢ ᠨᠢᠭᠡ ᠭᠡᠷ ᠤᠨ ᠠᠮᠢᠳᠤᠷᠠᠬᠤ ᠬᠤᠪᠢ ᠵᠠᠶᠠᠭ᠎ᠠ ᠪᠠᠨ ᠳᠤᠭᠳᠠᠭᠠᠵᠤ ᠴᠢᠳᠠᠬᠤ ᠦᠭᠡᠶ 》 ᠭᠡᠮᠡᠨ ᠪᠠᠶᠠᠷ ᠳᠠᠷᠤᠭ᠎ᠠ ᠲᠡᠶ ᠪᠠᠷᠢᠯᠳᠤᠬᠤ ᠶᠢᠨ ᠨᠠᠭᠠᠭᠤᠷ ᠪᠣᠯᠵᠤ᠂ ᠳᠤᠤᠭᠠᠷᠤᠭᠰᠠᠨ ᠳᠤᠭᠠᠳᠠᠨ ᠲᠡᠶ ᠵᠢᠭᠤᠷᠠᠯᠳᠤᠬᠤ ᠰᠢᠬᠠᠭᠠᠤᠨ ᠬᠤᠷᠠᠯ ᠳᠠᠷᠬᠠᠯ ᠦᠭᠡᠶ ᠪᠠᠷ ᠶᠠᠪᠣᠵᠤ ᠦᠭ‍ᠭᠦᠯ᠎ᠡ᠃ ᠭᠤᠮᠪᠣ ᠶᠠᠪᠣᠭᠰᠠᠨ ᠤ ᠳᠠᠷᠠᠭ᠎ᠠ ᠣᠯᠠᠨ ᠶᠢᠡᠷ ᠶᠢᠡᠨ ᠳᠠᠭᠢᠵᠤ ᠨᠢᠭᠡ ᠣᠳᠠᠭ᠎ᠠ ᠶᠠᠷᠢᠯᠴᠠᠭᠠᠤᠨ ᠪᠦᠭᠦᠳᠡᠭᠡᠷ ᠭᠡᠷᠡᠭᠦᠯ ᠵᠢᠭᠤᠷᠠᠭᠠᠨ ᠦᠭᠡᠶ ᠴᠢᠭᠢ ᠠᠮᠤᠷ ᠪᠠᠢ᠌ᠬᠤ ᠶᠢ ᠪᠣᠳᠤᠵᠤ ᠭᠤᠮᠪᠣ ᠶᠢᠨ ᠳᠤ ᠬᠤᠵᠢᠷᠳᠤ ᠶᠢ ᠭᠠᠷᠭᠠᠵᠤ ᠦᠭ‍ᠭᠦᠭᠡᠤᠨ᠂ ᠪᠣᠰᠤᠳ ᠪᠠᠯᠴᠡᠭᠡᠷ ᠣᠰᠤ ᠪᠠᠨ ᠰᠢᠪᠠᠭ᠎ᠠ ᠰᠤᠭᠤᠯᠵᠤ᠂ ᠭᠡᠨ ᠭᠡᠨ ᠨᠢ ᠣᠨᠤᠭᠳᠠᠭᠰᠠᠨ ᠪᠠᠯᠴᠢᠭᠡᠷ ᠶᠢᠡᠨ ᠠᠪᠴᠠᠢ᠃ ᠮᠠᠷᠭᠠᠰᠢ ᠥᠷᠯᠦᠭᠡ ᠨᠢ ᠪᠣᠯᠬᠤ ᠦᠶ᠎ᠡ ᠬᠤᠵᠢᠷᠳᠤ ᠳᠤ ᠨᠢᠭᠡ ᠴᠠᠭᠠᠨ ᠭᠡᠷ ᠪᠣᠰᠴᠢᠬᠠᠭᠰᠠᠨ ᠪᠠᠢ᠌ᠯ᠎ᠠ᠃ ᠡᠨᠡ ᠨᠢ ᠭᠤᠮᠪᠣ ᠶᠢᠨ ᠭᠢ ᠪᠣᠯᠬᠤ ᠶᠢ ᠭᠡᠨ ᠭᠦᠮᠤᠨ ᠮᠡᠳᠡᠴᠢᠭ᠍ᠰᠡᠨ ᠪᠣᠯᠪᠠᠴᠤ ᠡᠨᠡ ᠳᠤᠬᠠᠢ ᠳᠤᠤᠭᠠᠷᠤᠭᠰᠠᠨ ᠭᠦᠮᠤᠨ ᠭᠠᠭᠴᠠ ᠴᠤ ᠭᠠᠷᠤᠭᠰᠠᠨ ᠦᠭᠡᠶ᠃

ᠢᠩᠭᠢᠭᠡᠤᠨ ᠪᠠᠯᠴᠢᠭᠡᠷ ᠰᠢᠯᠢᠵᠤ ᠠᠪᠣᠭᠰᠠᠨ ᠭᠤᠮᠪᠣ ᠶᠢᠨ ᠳᠤ ᠨᠢᠭᠡᠳᠦᠯ ᠡᠴᠡ ᠵᠢᠯ ᠳᠠᠷᠠᠭᠠᠯᠠᠨ ᠮᠠᠯᠴᠢᠳ ᠲᠤ ᠥᠵᠡᠭᠦᠯᠭᠦ ᠳᠤᠰᠠᠯᠠᠮᠵᠢ ᠶᠢ ᠦᠭ‍ᠭᠦᠭ᠍ᠰᠡᠨ ᠦᠭᠡᠶ᠃ ᠡᠭᠦᠨ ᠳᠤ ᠨᠢᠭᠡᠳᠦᠯ ᠤᠨ ᠪᠠᠶᠠᠷ ᠳᠠᠷᠤᠭ᠎ᠠ ᠳᠤ ᠭᠤᠮᠪᠣ ᠥᠭᠦᠨ ᠬᠤᠷᠤᠰᠴᠤ 《ᠪᠠᠶᠠᠷ ᠤᠨ ᠮᠠᠭᠤ ᠰᠢᠭᠡᠰᠤ ᠪᠠᠷ ᠭᠦᠷᠭᠡᠨ ᠭᠢᠭᠦ ᠶᠢᠨ ᠣᠷᠤᠨ ᠳᠤ ᠮᠠᠭᠤ ᠭᠡᠦᠭᠡᠨ ᠶᠢᠡᠨ ᠭᠤᠤᠨᠢ ᠭᠠᠭᠴᠠᠭᠠᠷ ᠨᠢ ᠶᠠᠪᠣᠭᠤᠯᠪᠠᠴᠤ ᠭᠤᠮᠤᠳᠠᠬᠤ ᠭᠠᠵᠠᠷ ᠦᠭᠡᠶ᠃ ᠵᠠᠶᠠᠭᠠᠨ ᠤ ᠭᠦᠮᠤᠨ ᠨᠢ ᠠᠯᠢ ᠨᠢᠭᠡ ᠡᠳᠦᠷ ᠠᠶᠠᠠᠳᠠᠭᠠᠨ ᠭᠦᠷᠦᠭᠡᠤᠨ ᠢᠷᠡᠭᠦ ᠪᠠᠢ᠌ᠯᠭᠦᠢ》 ᠭᠡᠵᠤ ᠭᠡᠦᠭᠡᠨ ᠤ ᠪᠠᠨ ᠣᠷᠤᠭ ᠤᠨ ᠶᠠᠪᠣᠳᠠᠯ ᠢ ᠬᠣᠢ᠌ᠰᠢᠯᠠᠭᠤᠯᠤᠭᠰᠠᠭᠠᠷ ᠭᠤᠴᠢ ᠶᠢᠨ ᠳᠠᠪᠠᠭ᠎ᠠ ᠶᠢ ᠨᠢ ᠳᠦᠭᠦᠭᠦᠯᠵᠤ ᠣᠷᠭᠢᠭ᠎ᠠ ᠪᠢᠯᠠ᠃ ᠭᠤᠮᠪᠣ ᠶᠠᠷᠤᠨᠢ ᠦᠷ᠎ᠡ ᠶᠢᠨ ᠭᠠᠭᠴᠠ ᠭᠡᠦᠭᠡᠨ ᠤ ᠪᠠᠨ ᠨᠠᠰᠤ ᠵᠢᠯ ᠥᠡᠳᠦᠷᠵᠢᠭᠦ ᠶᠢ ᠳᠠᠭᠠᠯᠳᠤᠨ ᠠᠢ᠌ᠯ ᠭᠡᠷ ᠪᠣᠰᠬᠠᠬᠤ ᠭᠦᠮᠤᠨ ᠤ ᠶ‍ᠢᠷᠳᠢᠠᠴᠤ ᠶᠢᠨ ᠳᠤᠭᠤᠷᠢᠵᠤ ᠭᠠᠷᠴᠤ ᠪᠣᠯᠤᠰᠢ ᠦᠭᠡᠶ ᠵᠢᠮ᠎ᠠ ᠶᠤᠰᠤ ᠶᠢ ᠡᠴᠢᠭᠡ ᠶᠢᠨ ᠬᠤᠪᠢ ᠪᠠᠷ ᠡᠪᠯᠡᠵᠤ ᠪᠣᠳᠤᠯᠭᠢᠯᠠᠭ᠎ᠠ ᠦᠭᠡᠶ᠃ ᠬᠠᠷᠢᠨ ᠣᠮᠤᠭ ᠰᠦᠷ ᠶᠢᠡᠷ ᠶᠢᠡᠨ ᠣᠯᠠᠨ ᠢ ᠭᠦᠴᠤ ᠭᠦᠷᠴᠤ᠂ ᠪᠣᠳᠤᠭᠰᠠᠨ ᠶᠢᠡᠷ ᠶᠢᠡᠨ ᠪᠣᠯᠭᠠᠵᠤ ᠶᠠᠪᠣᠳᠠᠭ ᠭᠤᠮᠪᠣ ᠡᠭᠡᠨᠡᠷ ᠭᠡᠦᠭᠡᠨ ᠶᠢᠡᠨ ᠴᠤ ᠦᠪᠡᠷ ᠤᠨ ᠡᠷᠭᠡᠰᠢᠶᠡᠯ ᠳᠡᠭᠡᠨ ᠨᠢᠭᠡᠮᠦᠰᠤᠨ ᠣᠷᠤᠭᠤᠯᠵᠤ ᠠᠪᠴᠠᠢ᠃ ᠡᠨᠡ ᠣᠳᠠᠭ᠎ᠠ ᠴᠤ ᠭᠡᠯᠡᠳᠡᠭ᠌ ᠶᠢᠡᠨ ᠭᠡᠯᠡᠵᠤ ᠣᠷᠭᠢᠭᠠᠤᠨ ᠪᠣᠳᠤᠭᠰᠠᠨ ᠶᠢᠡᠨ ᠣᠮᠤᠭᠳᠠᠢ᠌ᠬᠠᠨ ᠪᠦᠳᠦᠭᠡᠵᠤ ᠶᠠᠪᠣᠭ᠎ᠠ ᠪᠣᠯᠬᠤᠷ ᠡᠳᠡ ᠭᠤᠷᠪᠠᠭᠤᠯᠠ ᠶᠢᠨ ᠠᠯᠠᠢ ᠨᠢ ᠴᠤ ᠭᠡᠰᠡᠨ ᠪᠠᠶᠠᠷ ᠪᠠᠬᠠᠳᠤᠯ ᠲᠡᠶ ᠪᠠᠢ᠌ᠪᠠ᠃

ᠭᠤᠮᠪᠣ ᠠᠴᠢᠶ᠎ᠠ ᠪᠠᠨ ᠪᠠᠭᠤᠯᠭᠠᠵᠤ ᠪᠠᠷᠠᠭᠠᠤᠨ ᠴᠢᠯᠠᠭᠤ ᠵᠡᠷᠭᠡᠯᠡᠨ ᠳᠤᠯᠭ᠎ᠠ ᠳᠤᠯᠵᠤ ᠠᠷᠭᠠᠯ ᠬᠤᠮᠤᠯ ᠶᠢᠡᠨ ᠳᠦᠯᠠᠵᠤ ᠭᠠᠯᠯᠠᠪᠠ᠃ ᠵᠠᠢ᠌ᠳᠠᠩ ᠮᠤᠷᠢᠨ ᠡᠴᠡ ᠪᠠᠨ ᠳᠠᠪᠭᠢᠳᠠᠯ᠎ᠠ ᠪᠠᠭᠤᠵᠤ ᠢᠷᠡᠭᠦ ᠪᠠᠷ ᠰᠠ‍‌ᠶᠢ ᠪᠠᠳᠤ ᠪᠣᠯᠬᠤ ᠶᠢ ᠭᠤᠮᠪᠣ ᠣᠯᠵᠤ ᠥᠵᠡᠭᠡᠤᠨ ᠪᠣᠰᠤᠯ᠎ᠠ᠃ ᠳᠦᠷᠦᠭᠦᠤ ᠨᠢᠭᠡ ᠣᠳᠠᠭ᠎ᠠ ᠪᠠᠶᠠᠷ ᠳᠠᠷᠤᠭ᠎ᠠ ᠭᠤᠮᠪᠣ ᠬᠤᠶᠠᠷ ᠭᠦᠤ ᠭᠡᠦᠭᠡᠨ ᠤ ᠪᠠᠨ ᠳᠤᠬᠠᠢ ᠳᠡᠭᠡᠵᠢ ᠬᠠᠳᠠᠭ ᠶᠢᠡᠨ ᠰᠤᠯᠢᠯᠴᠠᠨ ᠠᠵᠢᠯ ᠶᠢᠡᠨ ᠪᠦᠳᠦᠭᠡᠭᠦᠢᠴᠡ ᠪᠣᠯᠤᠭᠠᠤᠨ᠂ ᠰᠡᠭᠦᠯᠳᠡᠵᠤ ᠬᠠᠷᠢᠨ ᠭᠡᠷᠡᠭᠦᠯ ᠶᠢᠡᠷ ᠳᠡᠭᠦᠰᠤᠨ ᠭᠡᠨ ᠠᠯᠢᠨ ᠶᠢᠡᠨ ᠣᠬᠤᠷᠬᠠᠢ᠌ᠳᠠᠵᠤ ᠰᠠᠯᠤᠭᠠᠤᠨ᠂ ᠪᠠᠳᠤ ᠶᠢᠨ ᠢᠷᠡᠭᠦ ᠶᠢ ᠭᠤᠮᠪᠣ ᠡᠷᠡᠰ ᠬᠤᠷᠢᠭᠯᠠᠭᠰᠠᠨ ᠶᠤᠮ᠃ ᠣᠳᠤ ᠬᠠᠷᠢᠨ ᠨᠤᠳᠤᠭ ᠰᠢᠯᠵᠢᠵᠤ ᠶᠠᠪᠣᠭ᠎ᠠ ᠪᠣᠯᠬᠤᠷ ᠣᠷᠢᠳᠠᠭᠢ ᠶᠠᠪᠣᠳᠠᠯ ᠶᠢᠡᠨ ᠣᠷᠭᠢᠵᠤ᠂ 《ᠭᠦᠷᠦᠭᠡᠤᠨ ᠢᠷᠠᠪᠠᠤ》 《ᠭᠦᠷᠦᠭᠡᠤᠨ ᠢᠷᠠᠯ᠎ᠠ》 ᠭᠡᠮᠡᠯᠳᠤᠨ ᠮᠤᠷᠢᠨ ᠳᠤᠬᠤᠮ ᠶᠢᠡᠨ ᠳᠠᠪᠢᠰᠴᠤ ᠰᠠᠭᠤᠵᠠᠭᠠᠯ᠎ᠠ᠃ ᠬᠤᠵᠢᠮ ᠤᠨ ᠶᠠᠪᠣᠳᠠᠯ ᠪᠦᠳᠦᠭᠦ ᠡᠰᠡᠭᠦ ᠶᠢᠨ ᠳᠤᠬᠠᠢ ᠣᠬᠠᠭ᠎ᠠ ᠳᠦᠭᠡᠷᠡᠭ᠍ᠰᠡᠨ ᠡᠴᠢᠭᠡ ᠭᠦᠷᠭᠡᠨ ᠬᠤᠶᠠᠷ ᠤᠨ ᠡᠯᠪᠠᠷᠢᠯ ᠡᠢ᠌ᠮᠦᠷᠭᠡᠨ ᠪᠠᠢ᠌ᠳᠠᠯ ᠲᠡᠶ ᠪᠣᠯᠤᠭᠰᠠᠨ ᠢ ᠠᠩᠬ᠎ᠠ ᠦᠵᠡᠵᠤ ᠪᠠᠢ᠌ᠭ᠎ᠠ ᠭᠡᠦᠭᠡᠨ ᠨᠢ ᠶᠡᠭᠡᠯᠡ ᠪᠠᠶᠠᠷ ᠲᠡᠶ ᠪᠠᠷ ᠳᠡᠭᠦᠵᠤ ᠢᠷᠡᠭ᠍ᠰᠡᠨ ᠲᠦᠯᠡᠰᠢ ᠴᠦᠪᠣᠳᠠᠯ ᠶᠢᠡᠨ ᠳᠦᠯᠠᠵᠤ ᠥᠷᠳᠡᠭᠡᠤᠨ ᠴᠠᠢ ᠪᠠᠨ ᠪᠣᠴᠠᠯᠭᠠᠵᠤ᠂ ᠡᠭᠡ ᠲᠡᠶ ᠪᠠᠨ ᠬᠠᠮᠵᠢᠨ ᠴᠠᠢ ᠠᠶᠠᠭᠠᠯᠠᠯ᠎ᠠ᠃ ᠵᠠᠳᠠᠭᠠᠢ ᠭᠠᠯ ᠳᠡᠭᠡᠷ᠎ᠡ ᠳᠠᠷᠭᠢᠳᠠᠯ᠎ᠠ ᠪᠣᠴᠠᠯᠤᠭᠰᠠᠨ ᠣᠳᠤᠭ᠎ᠠ ᠲᠡᠶ ᠰᠢᠷ᠎ᠠ ᠴᠠᠢ ᠶᠢ ᠣᠭᠤᠴᠠᠵᠤ ᠰᠠᠭᠤᠴᠠᠭᠠᠭᠰᠠᠨ ᠡᠳᠡ ᠭᠡᠳᠦᠭᠦᠯᠡ ᠣᠳᠠᠨ ᠣᠳᠠᠳᠠᠯ᠎ᠠ ᠳᠠᠭᠤ ᠠᠨᠢᠷ ᠦᠭᠡᠶ᠃ ᠣᠷᠭᠢᠭᠰᠠᠨ ᠭᠠᠵᠠᠷ ᠡᠴᠡ ᠪᠠᠨ ᠭᠡᠳᠡᠷᠭᠦ ᠬᠤᠶᠠᠷ ᠭᠤᠷᠪᠠ ᠪᠠᠷ ᠮᠥᠭᠡᠷᠡᠯᠳᠦᠵᠤ ᠶᠠᠪᠣᠭ᠎ᠠ ᠥᠭᠡᠷ ᠶᠢᠡᠨ ᠥᠵᠡᠭᠡᠤᠨ ᠭᠤᠮᠪᠣ ᠠᠶᠠᠭ᠎ᠠ ᠪᠠᠨ ᠪᠠᠷᠢᠭᠰᠠᠭᠠᠷ ᠪᠣᠰᠤᠩᠭ᠋ᠤᠳᠠ 《ᠥ ᠥ》 ᠭᠡᠵᠤ ᠭᠡᠳᠤ ᠬᠠᠢ᠌ᠭᠢᠷᠤᠭᠠᠤᠨ ᠣᠷᠤᠨ ᠳᠠᠭᠠᠨ ᠰᠠᠭᠤᠯ᠎ᠠ᠃

᠊᠊᠊᠊᠊᠊᠊᠊᠊᠊᠊᠊᠊᠊᠊ ᠮᠠᠯ ᠭᠡᠳᠡᠭ᠌ ᠠᠮᠢᠳᠠᠨ ᠳᠠᠰᠤᠭᠰᠠᠨ ᠭᠠᠵᠠᠷ ᠲᠠᠭᠠᠨ ᠡᠪᠠᠰᠤ ᠦᠭᠡᠶ ᠴᠤ ᠰᠢᠷᠤᠢ ᠶᠢ ᠨᠢ ᠳᠤᠯᠢᠶᠠᠵᠤ ᠦᠨᠢᠷ ᠥᠰᠳᠡᠭ᠌ ᠭᠡᠭ᠍ᠴᠢ ᠨᠢ ᠦᠨᠡᠨ ᠴᠤ ᠪᠠᠢ᠌ᠵᠤ ᠮᠠᠳᠠᠨ᠎ᠠ᠃ ᠡᠨᠡ ᠭᠡᠳᠤᠨ ᠭᠦᠡᠳᠡᠢ ᠰᠢᠷᠢ ᠳᠠᠷᠠ ᠠᠯᠠᠭ᠎ᠠ ᠶᠢᠨ ᠴᠢᠨᠡᠭᠡᠨ ᠭᠠᠵᠠᠷ ᠳᠡᠭᠡᠷ᠎ᠡ ᠡᠴᠡ ᠪᠠᠨ ᠶᠠᠷᠤ ᠳᠦᠭᠡ ᠰᠠᠯᠬᠤ ᠳᠤᠷ᠎ᠠ ᠦᠭᠡᠶ᠃ ᠰᠢᠯᠢ ᠳᠡᠭᠡᠷ᠎ᠡ ᠨᠢ ᠮᠠᠰᠠ ᠳᠠᠯᠪᠢᠭᠠᠤᠨ ᠴᠤ ᠭᠦᠳᠡᠯᠳᠡᠭ᠌ ᠠᠮᠢᠳᠠᠨ ᠪᠢᠰᠢ ᠪᠠᠢ᠌ᠨ᠎ᠠ᠃ ᠥᠭᠦᠯ ᠤᠨ ᠭᠠᠵᠠᠷ ᠨᠢ ᠳᠠᠭᠤᠵᠤ ᠪᠠᠢ᠌ᠬᠤ ᠰᠢᠭ ᠦᠨᠦᠳᠤᠷ ᠨᠠᠮᠢ᠋ᠢ ᠴᠤᠬᠤᠮ ᠴᠤ ᠨᠢᠭᠡ ᠵᠤᠪᠠᠭᠠᠪᠠ ᠭᠡᠵᠤ ᠭᠤᠮᠪᠣ ᠵᠠᠭ ᠤᠨ ᠮᠦᠴᠢᠷ ᠡᠴᠡ ᠳᠠᠰᠤᠯᠠᠨ ᠠᠶᠠᠭᠠᠨ ᠳ᠋ᠠᠭᠢ ᠭᠤᠯᠢᠷ ᠶᠢᠡᠨ ᠵᠢᠭᠤᠷᠠᠵᠤ ᠪᠠᠢ᠌ᠵᠤ ᠭᠡᠯᠡᠪᠠᠯ᠄

᠊᠊᠊᠊᠊᠊᠊᠊᠊᠊᠊᠊᠊᠊᠊ ᠡᠨᠡ ᠵᠢᠯ ᠤᠨ ᠬᠠᠳᠤᠯᠠᠩ ᠭᠦᠪᠠᠭᠡ ᠨᠢᠮᠭᠡᠨ ᠴᠤ ᠳᠤᠮᠳᠠ ᠪᠠᠨ ᠠᠯᠢ ᠴᠤ ᠵᠢᠯ ᠡᠴᠡ ᠢᠳᠡᠭᠡᠨ ᠣᠷᠭᠤᠵᠠᠢ᠃ ᠡᠨᠡ ᠡᠪᠦᠯ ᠢ ᠠᠷᠭᠠᠴᠠᠵᠤ ᠴᠢᠳᠠᠬᠤ ᠶᠤᠮ ᠪᠠᠢ᠌ᠨ᠎ᠠ᠃ ᠭᠡᠭᠡᠷᠡᠳᠤ ᠭᠡᠭ᠍ᠴᠢ ᠭᠠᠵᠠᠷ ᠭᠡᠴᠡᠭᠦᠤ ᠦᠨᠳᠦᠷ᠂ ᠡᠪᠠᠰᠤ ᠰᠡᠢ᠌ᠷᠡᠭ᠌᠂ ᠠᠭᠤᠷ ᠠᠮᠢᠰᠬᠤᠯ ᠭᠦᠢᠳᠡᠨ ᠠᠮᠢ ᠦᠭᠡᠶ ᠯᠠ ᠭᠠᠵᠠᠷ ᠭᠡᠵᠤ ᠰᠤᠨᠤᠰᠤᠯ᠎ᠠ᠃ ᠴᠠᠢ᠌ᠳᠠᠮ ᠭᠠᠵᠠᠷ ᠤᠨ ᠡᠳᠡᠭᠡᠷ ᠮᠠᠯ ᠳᠠᠨᠢ ᠳᠠᠷᠠ ᠭᠠᠵᠠᠷ ᠪᠣᠯᠳᠠᠭ ᠯᠠ ᠪᠢᠵᠠ︖ ᠳᠠᠨ ᠤ ᠡᠨᠡ ᠵᠢᠯ ᠡ᠊ᠨᠳᠡ ᠪᠠᠨ ᠥᠩᠭᠡᠷᠡᠭᠡᠪᠠᠯ ᠪᠣᠯᠬᠤ ᠪᠠᠢ᠌ᠭᠰᠠᠨ ᠭᠡᠵᠤ ᠠᠶᠠᠭ᠎ᠠ ᠳᠤ ᠭᠦᠪᠪᠦᠭ᠍ᠰᠡᠨ ᠴᠠᠢ ᠶᠢᠨ ᠮᠤᠳᠤ ᠪᠠᠨ ᠳᠡᠭᠦᠯᠭᠢᠯᠡᠵᠤ ᠰᠠᠭᠤᠭᠰᠠᠨ ᠪᠠᠳᠤ ᠡᠨᠡ ᠠᠢ᠌ᠯ ᠤᠨ ᠭᠤᠷᠪᠠᠨ ᠭᠦᠮᠤᠨ ᠢ ᠡᠭᠡᠯᠵᠢᠯᠡᠨ ᠬᠠᠷᠠᠵᠤ ᠲᠦᠪ ᠶᠤᠰᠤᠷᠬᠠᠭ ᠭᠡᠯᠡᠨ᠎ᠡ᠁

ᠡᠳᠦᠷᠵᠢᠨ ᠠᠶᠠᠯᠠᠵᠤ ᠳᠤᠨᠤᠷᠠᠭᠰᠠᠨ ᠨᠠᠷᠠᠨ ᠤ ᠰᠢᠷᠭᠠᠯ ᠳᠤᠶᠠᠭ᠎ᠠ ᠠᠭᠤᠯᠠᠰ ᠤᠨ ᠣᠷᠤᠢ ᠰᠢᠭᠦᠷᠡᠨ ᠪᠦᠷᠦᠩᠭᠦᠢᠳᠡᠵᠤ᠂ ᠴᠠᠢ᠌ᠳᠠᠮ ᠤᠨ ᠦᠷᠦᠴᠠᠨ ᠳᠤ ᠳᠤᠯᠪᠣᠳᠤᠨ ᠬᠠᠷᠠᠭᠳᠠᠭᠰᠠᠨ ᠭᠤᠷᠪᠠᠨ ᠣᠪᠣᠭ᠎ᠠ ᠶᠢᠨ ᠭᠤᠷᠪᠠᠨ ᠳᠤᠰᠤᠯ ᠣᠷᠤᠢ ᠦᠳᠡᠰᠢ ᠶᠢᠨ ᠭᠦᠰᠢᠭᠡᠨ ᠳᠤ ᠥᠵᠡᠭ᠍ᠳᠡᠭᠦ ᠪᠠᠨ ᠪᠠᠢ᠌ᠭᠠᠤᠨ᠂ ᠡᠭᠢᠨ ᠨᠠᠮᠤᠷ ᠤᠨ ᠭᠦᠢᠳᠡᠪᠳᠦᠷ ᠰᠠᠯᠭᠢ ᠭᠡᠭᠡᠷᠡᠳᠤ ᠶᠢᠨ ᠠᠮᠠᠨ ᠡᠴᠡ ᠰᠠᠷ ᠰᠠᠷ ᠰᠠᠯᠭᠢᠯᠠᠨ᠎ᠠ᠃ ᠳᠤᠰᠤᠨ ᠬᠤᠷᠮᠤᠢ ᠲᠡᠶ ᠳᠦᠷᠪᠡᠯᠵᠢᠨ ᠴᠠᠭᠠᠨ ᠮᠠᠢ᠌ᠬᠠᠨ ᠶᠢᠡᠨ ᠥᠡᠳᠡᠢ᠌ᠯᠭᠡᠭᠦᠴᠡ ᠪᠣᠯᠤᠭᠠᠤᠨ ᠡᠳᠡ ᠭᠡᠳᠦᠭᠦᠯᠡ ᠥᠭᠡᠷ ᠮᠠᠯ ᠭᠡᠤᠨ ᠭᠠᠷᠤᠯ᠎ᠠ᠃ ᠢᠷᠡᠭ᠍ᠰᠡᠨ ᠮᠦᠷ ᠶᠢᠡᠷ ᠶᠢᠡᠨ ᠳᠤᠳᠠᠭᠠᠬᠤ ᠵᠠᠪ ᠡᠷᠢᠴᠢᠭᠡᠭ᠍ᠰᠡᠨ ᠥᠭᠡᠷ ᠮᠠᠯ ᠶᠢᠡᠨ ᠭᠡᠭᠡ ᠳᠠᠰᠤᠷᠠᠬᠤ ᠶᠢᠨ ᠭᠢᠷᠢ ᠳᠤ ᠴᠤᠭᠯᠠᠭᠤᠯᠤᠨ ᠬᠤᠮᠢᠵᠤ ᠠᠮᠵᠢᠪᠠ᠃ ᠦᠨᠦᠴᠢᠨ ᠳᠤᠭᠤᠯ ᠴᠤ ᠳᠤᠳᠠᠭᠠᠯᠭᠠᠵᠤ ᠪᠣᠯᠬᠤ ᠦᠭᠡᠶ ᠭᠡᠰᠡᠨ ᠭᠤᠮᠪᠣ ᠳᠤᠤᠷᠠᠭᠢ ᠭᠤᠷᠪᠠ ᠪᠠᠨ ᠮᠠᠯ ᠤᠨ ᠭᠤᠷᠪᠠᠨ ᠳᠠᠯ᠎ᠠ ᠳᠤ ᠵᠤᠭᠰᠤᠭᠠᠵᠤ ᠦᠪᠡᠷ ᠶᠢᠡᠨ ᠨᠢᠭᠡ ᠳᠠᠯ᠎ᠠ ᠶᠢ ᠨᠢ ᠠᠪᠣᠭᠠᠤᠨ ᠰᠦᠨᠢ ᠶᠢᠨ ᠬᠠᠷᠠᠩᠭ᠋ᠤᠢ ᠲᠡᠶ ᠵᠤᠯᠭᠠᠯ᠎ᠠ᠃ ᠵᠢᠭᠡᠭᠦᠪᠳᠦᠷ ᠭᠦᠢᠳᠡᠨ ᠰᠠᠯᠭᠢ ᠰᠠᠩᠭᠢᠨᠠᠳᠠᠯ᠎ᠠ ᠥᠯᠢᠶᠡᠭ᠍ᠰᠡᠨ ᠡᠭᠢᠨ ᠨᠠᠮᠤᠷ ᠤᠨ ᠡᠨᠡ ᠰᠦᠨᠢ ᠭᠦᠮᠤᠨ ᠮᠠᠯ ᠤᠨ ᠳᠠᠭᠤ ᠳᠠᠰᠤᠷᠠᠯ ᠦᠭᠡᠶ ᠪᠠᠷ ᠦᠷ ᠤᠨ ᠭᠡᠭᠡ ᠥᠵᠡᠭ᠍ᠳᠡᠭᠦ ᠦᠶ᠎ᠡ ᠮᠠᠯ ᠰᠥᠷᠦᠭ᠌ ᠨᠢ ᠪᠠᠭ᠎ᠠ ᠳᠤᠭᠳᠠᠭᠤᠷᠠᠵᠤ ᠡᠭᠢᠯᠡᠵᠡᠢ᠃

ᠭᠤᠮᠪᠣ ᠠᠴᠢᠶᠠᠨ ᠤ ᠪᠠᠨ ᠳᠡᠮᠡᠭᠡ ᠪᠠᠨ ᠨᠢᠭᠡ ᠨᠢᠭᠡ ᠪᠠᠷ ᠪᠣᠰᠬᠠᠵᠤ ᠡᠭᠢᠯᠡᠯ᠎ᠡ᠃ ᠪᠠᠳᠤ ᠱᠠᠯᠠ ᠡᠯᠡᠰᠤᠨ ᠤ ᠬᠠᠭᠤᠷᠠᠢ ᠰᠠᠯᠭᠢᠨ ᠳᠤ ᠬᠠᠳᠠᠵᠤ ᠪᠠᠷᠢᠯᠳᠤᠭᠰᠠᠨ ᠬᠤᠪᠴᠠᠰᠤᠨ ᠤ ᠪᠠᠨ ᠰᠢᠪᠠᠷ ᠢ ᠥᠩᠭᠡᠵᠤ ᠣᠨᠠᠭᠠᠭᠰᠠᠭᠠᠷ ᠄

᠊᠊᠊᠊᠊᠊᠊᠊᠊᠊᠊᠊᠊᠊᠊ ᠬᠠᠮᠠᠷ ᠬᠠᠤᠠᠬᠤᠮ᠎ᠠ ᠡᠪᠠᠰᠤ ᠦᠭᠡᠶ ᠬᠠᠯᠴᠠᠭᠠᠢ ᠭᠦᠭᠡ ᠱᠠᠯᠠ ᠳᠡᠭᠡᠷ᠎ᠡ ᠴᠤ ᠶᠠᠭᠠᠭᠢᠬᠤ ᠪᠢᠯᠠ︖ ᠪᠢᠳᠠ ᠢᠩᠭᠢᠭᠡᠤᠨ ᠯᠠ ᠡᠨᠡ ᠰᠦᠨᠢ ᠶᠢ ᠠᠷᠭᠠᠴᠠᠨ ᠥᠩᠭᠡᠷᠡᠭᠦᠯᠵᠤ ᠪᠠᠢ᠌ᠨ᠎ᠠ᠃ ᠬᠠᠷᠢᠨ ᠭᠡᠭᠡᠷᠡᠳᠤ ᠳᠤ ᠭᠦᠷᠦᠭ᠍ᠰᠡᠨ ᠤ ᠬᠣᠢ᠌ᠨ᠎ᠠ ᠡᠳᠡᠭᠡᠷ ᠳᠠᠨᠢ ᠴᠤᠬᠤᠮ ᠶᠠᠭᠠᠭᠢᠳᠠᠭ ᠪᠣᠯ ᠳ᠋ᠠ᠃ ᠳᠠ ᠬᠤᠵᠢᠷᠳᠤ ᠪᠠᠨ ᠥᠭᠡᠷ᠎ᠡ ᠪᠣᠰᠤᠳ ᠲᠤ ᠳᠠᠭᠠᠭᠠᠯᠭᠠᠵᠤ ᠦᠭ‍ᠭᠦᠭᠡᠤᠨ ᠭᠡᠭᠡᠷᠡᠳᠤ ᠳᠤ ᠨᠢᠭᠡ ᠵᠢᠯ ᠵᠡᠷᠭᠡ ᠰᠠᠭᠤᠭᠠᠤᠨ ᠦᠵᠡᠪᠠᠯ ᠪᠣᠯᠬᠤ ᠪᠠᠢ᠌ᠭᠰᠠᠨ ᠦᠭᠡᠶ ᠭᠡᠵᠢ ᠦᠦ︖ ᠭᠡᠪᠡ᠃ ᠡᠭᠦᠨ ᠢ ᠰᠤᠨᠤᠰᠤᠭᠠᠤᠨ ᠳᠡᠮᠡᠭᠡᠨ ᠤ ᠬᠠᠮᠠᠷ ᠢ ᠭᠦᠴᠦᠳᠡᠢ᠌ᠭᠡᠨ ᠣᠭᠵᠤᠷᠠᠵᠤ ᠪᠣᠰᠬᠠᠭᠰᠠᠨ ᠭᠤᠮᠪᠣ ᠠᠴᠢᠶᠠᠨ ᠤ ᠪᠠᠨ ᠬᠠᠵᠠᠭᠤ ᠳᠤ ᠭᠦᠷᠦᠭᠡᠤᠨ ᠄

᠊᠊᠊᠊᠊᠊᠊᠊᠊᠊᠊᠊᠊᠊᠊ ᠪᠢ ᠭᠡᠭᠡᠷᠡᠳᠤ ᠳᠤ ᠭᠦᠷᠦᠭ᠍ᠰᠡᠨ ᠦᠭᠡᠶ ᠪᠠᠷᠤᠭ ᠳᠦᠴᠢᠭᠡᠤᠨ ᠵᠢᠯ ᠪᠣᠯᠵᠠᠢ᠃ ᠣᠤᠯ ᠨᠢ ᠪᠣᠯᠬᠤ ᠯᠠ ᠭᠠᠵᠠᠷ ᠪᠠᠢ᠌ᠭᠰᠠᠨ᠃ ᠭᠡᠪᠠᠴᠤ ᠴᠠᠭ ᠮᠠᠭᠤᠳᠠᠵᠤ ᠭᠦᠷᠦᠰᠤ ᠰᠢᠷᠤᠢ ᠬᠤᠪᠢᠷᠠᠵᠤ ᠪᠠᠢ᠌ᠭ᠎ᠠ ᠣᠳᠤ ᠴᠤᠬᠤᠮ ᠶᠠᠮᠠᠷ ᠪᠠᠢ᠌ᠬᠤ ᠶᠢ ᠭᠡᠨ ᠮᠠᠳᠠᠨ᠎ᠠ᠂ ᠨᠤᠳᠤᠭ ᠰᠢᠯᠵᠢᠨ᠎ᠠ ᠭᠡᠳᠡᠭ᠌ ᠴᠢᠨᠢ ᠦᠨᠡᠨ ᠳᠡᠭᠡᠨ ᠠᠮᠠᠷ ᠦᠭᠡᠶ ᠭᠡᠷᠡᠭ᠌᠃ ᠳᠠᠪᠢᠨ ᠵᠢᠯ ᠬᠤᠵᠢᠷᠳᠤ ᠶᠢᠨ ᠬᠤᠵᠢᠷ ᠳᠤᠯᠢᠶᠠᠭᠰᠠᠨ ᠪᠢ ᠪᠠᠢ᠌ᠳᠤᠭᠠᠢ ᠳᠠᠪᠢᠭᠠᠤᠨ ᠡᠳᠦᠷ ᠠᠵᠢᠯ ᠪᠠᠢ᠌ᠴᠠᠭᠠᠵᠤ ᠠᠮᠢᠳᠤᠷᠠᠯ ᠳᠤ ᠭᠦᠡᠵᠡᠭᠡᠢ᠌ᠷᠡᠵᠤ ᠪᠣᠢ ᠭᠡᠤᠨ ᠪᠢᠳᠠᠨ ᠲᠡᠶ ᠪᠠᠢ᠌ᠯᠴᠠᠭᠰᠠᠨ ᠭᠠᠳᠠᠨ᠎ᠠ ᠣᠷᠤᠨ ᠤ ᠭᠡᠰᠡᠭ᠌ ᠭᠦᠮᠦᠰ ᠳᠠᠷᠠ ᠵᠢᠯ ᠤᠨ ᠨᠠᠮᠤᠷ ᠪᠣᠴᠠᠬᠤ ᠦᠶ᠎ᠡ ᠳᠡᠭᠡᠨ ᠵᠠᠷᠢᠮ ᠨᠢ ᠨᠢᠯᠪᠣᠰᠤ ᠣᠨᠠᠭᠠᠵᠤ ᠪᠠᠢ᠌ᠯ᠎ᠠ ᠭᠡᠳᠡᠭ᠌᠃ ᠡᠨᠡ ᠨᠢ ᠪᠠᠷᠤᠭ ᠭᠠᠵᠠᠷ ᠣᠰᠤᠨ ᠳ᠋ᠤᠨᠢ ᠳᠠᠰᠤᠭᠰᠠᠨ ᠤ ᠯᠠ ᠬᠠᠷᠢᠭᠤ ᠪᠠᠢ᠌ᠬ᠎ᠠ ᠭᠡᠵᠤ ᠪᠢ ᠪᠣᠳᠤᠨ᠎ᠠ᠃ ᠣᠳᠤ ᠭᠠᠵᠠᠷ ᠪᠠᠯᠴᠢᠭᠡᠷ ᠢ ᠠᠢ᠌ᠯ ᠡᠷᠦᠭᠡ ᠳᠤ ᠠᠯᠠᠭᠠᠨ ᠴᠢᠨᠡᠭᠡᠨ ᠭᠡᠰᠡᠭᠯᠡᠭ᠍ᠰᠡᠨ ᠦᠭᠡᠶ ᠶᠤᠮ ᠪᠣᠯ ᠮᠠᠨ ᠤ ᠨᠤᠳᠤᠭ ᠬᠤᠪᠢ ᠲᠡᠶ ᠯᠠ ᠪᠠᠢ᠌ᠭᠰᠠᠨ᠃ ᠭᠡᠪᠠᠴᠤ ᠠᠬ᠎ᠠ ᠨᠢ ᠵᠤᠷᠢᠭᠰᠠᠨ ᠳᠠᠭᠠᠨ ᠭᠦᠷᠭᠦ ᠦᠭᠡᠶ ᠪᠣᠯ ᠮᠠᠯᠠᠭᠠᠢ ᠪᠠᠨ ᠠᠪᠴᠤ ᠳᠠᠯᠪᠢᠳᠠᠭ ᠦᠭᠡᠶ᠂ ᠡᠵᠡᠭᠦᠢᠷᠡᠵᠤ ᠰᠠᠷᠳᠠᠭᠰᠢᠭᠰᠠᠨ ᠭᠡᠭᠡᠷᠡᠳᠤ ᠶᠢ ᠡᠵᠡᠯᠡᠭᠦ ᠰᠠᠨᠠᠭ᠎ᠠ ᠠᠯᠢ ᠭᠡᠵᠢᠶ᠎ᠡ ᠡᠴᠡ ᠪᠠᠢ᠌ᠭᠰᠠᠨ ᠰᠢᠤ ᠭᠡᠯ᠎ᠡ᠃

ᠦᠷ ᠤᠨ ᠭᠡᠭᠡ ᠣᠯᠠᠮ ᠶᠢᠡᠷ ᠳᠤᠳᠤᠷᠠᠵᠤ ᠬᠤᠯᠠ ᠣᠢ᠌ᠷ᠎ᠠ ᠶᠢᠨ ᠪᠠᠷ᠎ᠠ ᠥᠵᠡᠭ᠍ᠳᠡᠵᠤ ᠡᠭᠢᠯᠡᠪᠡ᠃

— ᠪᠢᠳᠠ ᠨᠤᠳᠤᠭ ᠰᠤᠯᠢᠵᠤ ᠶᠠᠪᠣᠭ᠎ᠠ ᠪᠣᠯᠪᠠᠴᠤ ᠡᠨᠡ ᠨᠤᠳᠤᠭ ᠤᠨ ᠶᠢᠡᠨ ᠶᠤᠰᠤ ᠶᠢ ᠳᠠᠭᠠᠬᠤ ᠭᠡᠷᠡᠭ᠍ᠳᠡᠢ᠃ ᠳᠡᠭ᠍ᠷᠢ ᠶᠢᠨ ᠨᠠᠷᠠᠨ ᠴᠤᠬᠣᠢ᠌ᠬᠤ ᠡᠴᠡ ᠡᠮᠦᠨ᠎ᠡ ᠵᠠᠮ ᠶᠢᠡᠨ ᠡᠭᠢᠯᠡᠵᠤ ᠡᠪᠭᠡᠳᠡᠭ᠌ ᠶᠤᠮ ᠭᠡᠤᠨ ᠭᠤᠮᠪᠣ ᠪᠦᠰᠡᠭᠦᠢ ᠭᠡᠦᠭᠡᠨ ᠶᠢᠡᠨ ᠳᠠᠭᠤᠳᠠᠵᠤ ᠠᠴᠢᠶ᠎ᠠ ᠪᠠᠨ ᠠᠴᠢᠶᠠᠯᠠᠨ ᠳᠡᠮᠡᠭᠡ ᠪᠠᠨ ᠴᠥᠷᠭᠦᠯᠡᠵᠤ ᠵᠤᠭᠰᠤᠭᠠᠭᠰᠠᠨ ᠶᠢᠡᠨ᠄

— ᠳᠡᠭᠡᠳᠦᠰ ᠡᠴᠡ ᠳᠠᠭᠢᠵᠤ ᠦᠪᠯᠠᠵᠤ ᠢᠷᠡᠭ᠍ᠰᠡᠨ ᠭᠤᠷᠪᠠᠨ ᠣᠪᠣᠭ᠎ᠠ ᠳᠠᠭᠠᠨ ᠪᠢᠳᠠ ᠦᠨᠡᠠᠴᠢ ᠪᠠᠢ᠌ᠬᠤ ᠭᠡᠷᠡᠭ᠍ᠳᠡᠢ᠃ ᠳᠠᠢ᠌ᠮᠤ ᠪᠢᠰᠢ ᠪᠣᠯ ᠪᠢᠳᠠᠨ ᠳᠤ ᠦᠷᠦᠰᠢᠶᠠᠯ ᠦᠭ‍ᠭᠦ ᠦᠭᠡᠶ ᠪᠠᠢ᠌ᠯᠭᠦᠢ ᠳ᠋ᠧ︕ ᠭᠡᠤᠨ ᠭᠤᠮᠪᠣ ᠨᠢᠭᠡ ᠯᠤᠩᠬᠤ ᠠᠷᠢᠭᠢᠨ ᠤ ᠠᠮᠠᠰᠠᠷ ᠢ ᠴᠠᠭᠠᠨ ᠬᠠᠳᠠᠭ ᠶᠢᠡᠷ ᠣᠷᠢᠶᠠᠵᠤ ᠪᠠᠳᠤ ᠳᠤ ᠭᠠᠷᠳᠠᠭᠤᠯᠤᠭᠠᠤᠨ᠄

— ᠡᠭᠦᠨ ᠢ ᠴᠢ ᠪᠣᠴᠠᠵᠤ ᠭᠦᠷᠦᠭᠡᠤᠨ ᠭᠤᠷᠪᠠᠨ ᠣᠪᠣᠭ᠎ᠠ ᠳᠤ ᠪᠠᠷᠢᠵᠤ᠂ ᠮᠠᠨ ᠢ ᠭᠡᠭᠡᠷᠡᠳᠤ ᠳᠤ ᠭᠦᠷᠦᠭᠡᠤᠨ ᠭᠠᠢ ᠵᠤᠪᠠᠯᠠᠩ ᠦᠭᠡᠶ ᠰᠠᠢ᠌ᠬᠠᠨ ᠨᠤᠳᠤᠭᠰᠢᠬᠤ ᠶᠢᠨ ᠦᠷᠦᠰᠢᠶᠠᠯ ᠬᠠᠢ᠌ᠷᠠᠯᠠ ᠭᠡᠵᠤ ᠠᠢ᠌ᠯᠠᠤᠠᠬᠠᠴᠢᠬ᠎ᠠ᠃ ᠨᠤᠳᠤᠭ ᠣᠰᠤᠨ ᠤ ᠯᠤᠤᠰ ᠰᠠᠪᠳᠠᠭ ᠮᠠᠨ ᠢ ᠳᠤᠳᠠᠭᠤ ᠥᠵᠡᠭᠦ ᠦᠭᠡᠶ ᠪᠠᠢ᠌ᠬ᠎ᠠ᠃ ᠭᠤᠷᠪᠠᠨ ᠣᠪᠣᠭ᠎ᠠ ᠮᠠᠨᠢ ᠳᠡᠦᠭᠡᠨ ᠡᠴᠡ ᠶᠡᠭᠡ ᠨᠠᠷᠠᠳᠠᠢ ᠣᠪᠣᠭ᠎ᠠ ᠶᠤᠮ᠂ ᠡᠢ᠌ᠮᠤ ᠡᠴᠡ ᠵᠥᠭ᠌ ᠪᠦᠭᠦᠨ ᠤ ᠵᠢᠷᠦᠭᠡᠳᠡᠨ ᠬᠠᠪᠳᠠᠢ᠌ᠵᠤ ᠭᠠᠷᠳᠠᠭ ᠢ ᠴᠢ ᠮᠠᠳᠠᠵᠤ ᠠᠪ᠃ ᠪᠠᠰᠠ ᠨᠢᠭᠡ ᠣᠴᠢᠷ ᠪᠣᠯ ᠡᠨᠡ ᠰᠦᠨᠢ ᠨᠢᠭᠡ ᠦᠨᠢᠶ᠎ᠡ ᠳᠤᠭᠤᠯ ᠲᠡᠶ ᠪᠠᠨ ᠳᠤᠳᠠᠭᠠᠵᠠᠢ᠃ ᠳᠡᠭᠦᠨ ᠢ ᠳᠡᠭᠦᠤ ᠮᠠᠨᠢ ᠴᠢ ᠨᠢᠭᠡ ᠡᠵᠡᠯᠡᠵᠤ ᠪᠠᠢ᠃ ᠯᠠᠪ ᠪᠣᠯᠬᠤ ᠦᠭᠡᠶ ᠳᠤ ᠭᠦᠷᠪᠠᠯ ᠬᠤᠳᠠᠯᠳᠤᠭᠠᠤᠨ ᠵᠤᠭᠤᠰ ᠢ ᠨᠢ ᠳᠠᠷᠤᠵᠤ ᠪᠠᠢ᠌ᠭᠠᠷᠠᠢ᠃ ᠪᠢ ᠭᠡᠭᠡᠷᠡᠳᠤ ᠳᠤ ᠭᠦᠷᠦᠭᠡᠤᠨ ᠪᠠᠭᠤᠷᠢ ᠰᠠᠭᠤᠷᠢᠰᠢᠯ ᠶᠢᠡᠨ ᠨᠢᠭᠡ ᠣᠯᠤᠭᠰᠠᠨ ᠤ ᠬᠣᠢ᠌ᠨ᠎ᠠ ᠪᠣᠴᠠᠵᠤ ᠨᠢᠭᠡ ᠢᠷᠡᠭᠦ ᠪᠣᠳᠤᠯ ᠲᠡᠶ ᠭᠡᠵᠤ ᠵᠢᠩᠭᠢᠨᠢ ᠭᠦᠷᠭᠡᠨ ᠳᠡᠭᠡᠨ ᠵᠠᠭᠢᠵᠤ ᠪᠠᠢ᠌ᠬᠤ ᠰᠢᠭ ᠪᠠᠳᠤ ᠳᠤ ᠭᠡᠯᠡᠭᠡᠤᠨ ᠭᠤᠮᠪᠣ ᠮᠤᠷᠢᠨ ᠳᠠᠭᠠᠨ ᠮᠤᠷᠳᠠᠪᠠ᠃ ᠡᠨᠡ ᠠᠢ᠌ᠯ ᠤᠨ ᠨᠡᠭᠦᠳᠡᠯ ᠢᠩᠭᠢᠵᠤ ᠴᠠᠢ᠌ᠳᠠᠮ ᠨᠤᠳᠤᠭ ᠤᠨ ᠬᠤᠵᠢᠷᠳᠤ ᠡᠴᠡ ᠪᠠᠨ ᠰᠠᠯᠤᠭᠠᠤᠨ ᠰᠠᠢ ᠭᠤᠤᠯ ᠶᠢᠡᠷ ᠥᠭ᠍ᠰᠤᠨ ᠥᠭᠡᠳᠡᠯᠡᠵᠤ ᠡᠭᠢᠯᠡᠯ᠎ᠡ᠃ ᠪᠦᠰᠡᠭᠦᠢ ᠲᠡᠶ ᠪᠠᠨ 《ᠬᠨ ᠬᠤᠴᠢ》 ᠭᠡᠮᠡᠨ ᠥᠭᠡᠷ ᠮᠠᠯ ᠶᠢᠡᠨ ᠳᠠᠭᠤᠵᠤ ᠡᠭᠢᠯᠡᠭ᠍ᠰᠡᠨ ᠭᠤᠮᠪᠣ ᠪᠠᠳᠤ ᠲᠡᠶ ᠶᠠᠭᠤ ᠨᠢᠭᠡ ᠶᠢ ᠭᠡᠯᠡᠭᠦ ᠰᠠᠨᠠᠭ᠎ᠠ ᠲᠡᠶ ᠲᠦᠷ ᠰᠡᠭᠦᠯᠳᠡᠵᠤ ᠰᠠᠭᠤᠭᠰᠠᠨ ᠭᠡᠦᠭᠡᠨ ᠶᠢᠡᠨ ᠳᠠᠭᠤᠳᠠᠨ ᠠᠴᠢᠶ᠎ᠠ ᠪᠠᠨ ᠭᠦᠳᠦᠯᠦᠭᠦᠯᠪᠡ᠃ ᠪᠠᠳᠤ ᠮᠤᠷᠢ ᠪᠠᠨ ᠳᠠᠢ᠌ᠯᠵᠤ ᠪᠠᠷᠢᠭᠠᠤᠨ ᠡᠳᠡᠨ ᠤ ᠬᠣᠢ᠌ᠨ᠎ᠠ ᠡᠴᠡ ᠬᠠᠷᠠᠬᠤ ᠳᠤ ᠳᠠᠰᠢᠭᠤᠷ ᠤᠨ ᠳᠠᠭᠤᠨ ᠳᠤ ᠰᠡᠭᠦᠯ ᠰᠢᠷᠪᠠᠬᠤ ᠥᠭᠡᠷ ᠤᠳ ᠨᠢᠭᠡ ᠬᠤᠶᠠᠷ ᠶᠢᠡᠷ ᠭᠣᠢ᠌ᠭᠤᠷᠠᠭᠠᠤᠨ᠂ ᠰᠥᠷᠦᠭ᠌ ᠤᠨ ᠰᠡᠭᠦᠯ ᠳᠠᠭᠠᠵᠤ ᠶᠠᠪᠣᠭ᠎ᠠ ᠴᠠᠭᠠᠨ‍ᠴᠡᠴᠡᠭ ᠤᠨ ᠴᠥᠷᠭᠦᠯᠡᠭᠡ ᠡ᠊ᠨᠳᠡ ᠡᠴᠡ ᠵᠠᠢ᠌ᠳᠠᠵᠤ ᠬᠤᠯᠠᠳᠤᠨ᠎ᠠ᠃


ᠬᠤᠶᠠᠷ


ᠮᠦᠨ ᠵᠢᠯ ᠤᠨ ᠡᠪᠦᠯ᠃

ᠭᠡᠭᠡᠷᠡᠳᠤ ᠶᠢᠨ ᠳᠠᠯ᠎ᠠ ᠭᠦᠢᠳᠡᠨ ᠰᠠᠯᠭᠢ ᠪᠠᠷ ᠰᠠᠪᠠᠯᠵᠠᠵᠤ ᠭᠦᠮᠤᠨ ᠮᠠᠯ ᠤᠨ ᠭᠢᠰᠭᠢᠭ᠍ᠳᠠᠯ ᠳᠤ ᠦᠬᠢᠷᠠᠵᠤ ᠭᠡᠢ᠌ᠰᠦᠭᠡᠤᠨ ᠳᠠᠭᠵᠠᠭᠠᠢ ᠴᠠᠭᠠᠨ ᠣᠷᠤᠨ ᠡᠴᠡ ᠨᠢ ᠬᠤᠢ ᠵᠠ ᠭᠦᠯ ᠪᠣᠰᠤᠯᠭᠢᠯᠠᠨ᠎ᠠ᠃ ᠭᠤᠮᠪᠣ ᠶᠢᠨ ᠭᠢ ᠡ᠊ᠨᠳᠡ ᠢᠷᠡᠭᠡᠤᠨ ᠳᠦᠷᠪᠡᠨ ᠰᠠᠷ᠎ᠠ ᠰᠢᠳᠤ ᠵᠠᠭᠤᠵᠤ ᠥᠩᠭᠡᠷᠡᠯ᠎ᠡ᠃ ᠳᠠᠪᠣ ᠳ᠋ᠠᠭᠢ ᠰᠠᠷ᠎ᠠ ᠳ᠋ᠤᠨᠢ ᠭᠠᠵᠠᠷ ᠳᠡᠯᠡᠭᠡᠢ ᠭᠡᠨ ᠨᠢᠭᠡᠨ ᠳᠤ ᠥᠰᠢᠶᠡᠷᠭᠡᠵᠤ ᠪᠠᠢ᠌ᠬᠤ ᠰᠢᠭ ᠭᠡᠭᠡᠷᠡᠳᠤ ᠳᠤ ᠨᠢᠳᠤ ᠦᠭᠡᠶ ᠶᠡᠭᠡ ᠴᠠᠰᠤᠨ ᠭᠠᠮᠰᠢᠭ ᠵᠤᠤᠠᠯᠠᠵᠤ᠂ ᠠᠭᠤᠯᠠ ᠳᠠᠯ᠎ᠠ ᠶᠢ ᠴᠠᠰᠤ ᠨᠠᠯᠣᠢ᠌ᠳᠠᠯ᠎ᠠ ᠳᠠᠷᠤᠭᠠᠤᠨ ᠥᠭᠡᠷ ᠮᠠᠯ ᠴᠠᠰᠤ ᠮᠦᠰᠤᠨ ᠳᠤ ᠭᠦᠳᠡᠯᠭᠦ ᠪᠠᠨ ᠪᠣᠯᠢᠵᠤ᠂ ᠭᠡᠭᠡᠷᠡᠳᠤ ᠶᠢᠨ ᠡᠨᠡ ᠠᠢ᠌ᠯ 《ᠴᠠᠭᠠᠨ ᠭᠠᠯᠪᠠ》 ᠶᠢᠨ ᠭᠡᠴᠡᠭᠦᠤ ᠭᠠᠮᠰᠢᠭ ᠲᠤ ᠣᠴᠠᠷᠠᠵᠠᠢ᠃

ᠳᠦᠯᠡᠭᠦ ᠲᠦᠯᠡᠰᠢ ᠭᠡᠭ᠍ᠴᠢ ᠥᠨᠡᠭᠡᠷ ᠠᠮᠢ ᠭᠤᠤᠯ ᠬᠠᠷᠠᠯᠠᠭᠤᠯᠬᠤ ᠳᠤ ᠭᠦᠷᠭᠡᠯ᠎ᠡ᠃ ᠵᠢᠭᠠᠬᠠᠨ ᠳᠦᠯᠡᠭᠦ ᠶᠠᠭᠤᠮ᠎ᠠ ᠣᠯᠬᠤ ᠰᠠᠨ ᠭᠡᠵᠤ ᠭᠤᠮᠪᠣ ᠡᠭᠦᠳᠡ ᠬᠠᠭᠠᠯᠭᠠᠨ ᠤ ᠪᠠᠨ ᠴᠠᠰᠤ ᠶᠢ ᠮᠠᠯᠳᠠᠭᠰᠠᠭᠠᠷ ᠠᠷᠠᠢ ᠴᠢᠮᠠᠢ ᠭᠠᠷᠴᠤ ᠢᠷᠠᠪᠠ᠃ ᠭᠠᠳᠠᠨ᠎ᠠ ᠣᠪᠣᠭᠠᠯᠠᠨ ᠪᠦᠷᠭᠦᠵᠤ ᠳᠠᠯᠪᠢᠭᠰᠠᠨ ᠠᠷᠭᠠᠯ ᠲᠦᠯᠡᠰᠢ ᠨᠢ ᠴᠠᠰᠤᠨ ᠳᠤ ᠳᠠᠷᠤᠭᠳᠠᠭᠠᠤᠨ ᠬᠠᠮᠢᠭ᠎ᠠ ᠪᠠᠢ᠌ᠬᠤ ᠶᠢ ᠡᠷᠢᠵᠤ ᠣᠯᠬᠤ ᠳᠤ ᠪᠠᠷᠭᠡ ᠪᠣᠯᠵᠠᠢ᠃ ᠬᠤᠳᠠ ᠭᠦᠳᠡᠭᠡ ᠠᠭᠤᠯᠠ ᠨᠢᠷᠤᠭᠤ ᠳᠠᠨᠢᠭᠳᠠᠬᠤ ᠶᠠᠭᠤᠮ᠎ᠠ ᠳᠠᠰᠤᠷᠠᠭᠠᠤᠨ ᠴᠠᠰᠤ ᠪᠣᠳᠠᠩ ᠶᠢᠡᠷ ᠮᠠᠨᠠᠷᠠᠬᠤ ᠳᠡᠭ᠍ᠷᠢ ᠶᠢᠨ ᠴᠢᠷᠠᠢ ᠳ᠋ᠠᠭᠢ ᠴᠠᠢ᠌ᠪᠣᠷ ᠪᠦᠳᠡᠭᠢ ᠭᠡᠷᠡᠯ ᠰᠢᠤ ᠶᠠᠭᠤᠮ᠎ᠠ ᠪᠠᠷ ᠨᠠᠷᠠ ᠶᠢ ᠲᠦᠰᠤᠪᠯᠠᠪᠠᠯ ᠦᠳᠡ ᠪᠣᠯᠤᠭ᠎ᠠ ᠰᠢᠭ ᠪᠠᠢ᠌ᠯ᠎ᠠ᠃ ᠬᠤᠨᠢᠨ ᠰᠥᠷᠦᠭ᠌ ᠨᠢ ᠴᠠᠰᠤᠨ ᠳᠤ ᠳᠠᠷᠤᠭᠳᠠᠭᠠᠤᠨ ᠭᠦᠳᠡᠯᠭᠦ ᠶᠠᠭᠤᠮ᠎ᠠ ᠦᠭᠡᠶ᠃ ᠭᠡᠳᠤᠨ ᠥᠭᠡᠷ ᠨᠢ ᠰᠢᠳᠤ ᠬᠠᠪᠢᠷᠠᠨ ᠴᠠᠴᠠᠷᠭᠢᠯᠠᠵᠤ᠂ ᠣᠶᠠᠭᠠᠳᠠᠢ ᠬᠤᠶᠠᠷ ᠮᠤᠷᠢ ᠨᠢ ᠴᠠᠰᠤ ᠳᠡᠭᠡᠭᠡᠯᠭᠢᠯᠡᠨ ᠣᠷᠤᠭᠤ ᠳᠤᠯᠤᠭᠠᠢ᠌ᠯᠠᠵᠤ ᠵᠤᠭᠰᠤᠨ᠎ᠠ᠃ ᠡᠳᠡᠭᠡᠷ ᠢ ᠥᠵᠡᠭ᠍ᠰᠡᠨ ᠭᠤᠮᠪᠣ ᠶᠢᠨ ᠨᠢᠳᠤ ᠬᠠᠷᠠᠯᠠᠨ ᠳᠠᠭᠵᠢᠵᠤ᠂ 《ᠮᠠᠭᠤ ᠭᠡᠳᠤᠨ ᠭᠦᠭᠡᠷᠦᠭᠦᠢ ᠪᠠᠨ ᠢᠩᠭᠢᠭᠡᠤᠨ ᠯᠠ ᠭᠡᠭᠡᠷᠡᠳᠤ ᠶᠢᠨ ᠴᠢᠨ᠋ᠸ᠎ᠠ ᠶᠢᠨ ᠮᠦᠯᠵᠢᠪᠣᠷᠢ ᠪᠣᠯᠭᠠᠬᠤ ᠶᠤᠮ ᠪᠠᠢ᠌ᠨ᠎ᠠ》 ᠭᠡᠵᠤ ᠪᠣᠳᠤᠬᠤ ᠳᠤ ᠳᠡᠭ᠍ᠷᠢ ᠳᠠᠷᠠ ᠭᠡᠪ ᠶᠢᠡᠷ ᠶᠢᠡᠨ ᠳᠤᠯᠤᠭᠠᠢ ᠣᠷᠤᠭᠤ ᠨᠢ ᠳᠠᠷᠤᠵᠤ ᠢᠷᠡᠭᠦ ᠰᠢᠭ᠌ ᠪᠣᠯᠤᠭᠠᠤᠨ ᠡᠰᠡ ᠯᠠ ᠣᠨᠠᠵᠤ ᠠᠯᠳᠠᠨ ᠵᠤᠭᠰᠤᠪᠠ᠃

ᠳᠡᠭ᠍ᠷᠢ ᠶᠢᠨ ᠴᠢᠷᠠᠢ ᠪᠠᠰᠠᠯᠠ ᠬᠤᠪᠢᠷᠠᠵᠤ ᠡᠭᠢᠯᠡᠯ᠎ᠡ᠃ ᠠᠭᠤᠯᠠᠨ ᠪᠠᠯ ᠤᠨ ᠮᠤᠳᠤᠨ ᠡᠪᠠᠰᠤᠨ ᠳᠤ ᠳᠠᠯᠪᠢᠭᠠᠤᠨ ᠨᠠᠯᠢᠶᠠᠤᠨ ᠭᠡᠳᠤ ᠬᠤᠨᠤᠭᠰᠠᠨ ᠳᠡᠮᠡᠭᠡ ᠪᠠᠨ ᠡᠷᠭᠢᠭᠦ ᠭᠡᠤᠨ ᠥᠷᠯᠦᠭᠡ ᠬᠠᠯᠢᠭᠤᠨ ᠮᠤᠷᠢ ᠪᠠᠷ ᠶᠢᠡᠨ ᠮᠤᠷᠳᠠᠭᠰᠠᠨ ᠭᠡᠦᠭᠡᠨ ᠨᠢ ᠣᠳᠤ ᠪᠣᠯᠳᠠᠯ᠎ᠠ ᠪᠠᠷ᠎ᠠ ᠰᠤᠷᠠᠭ ᠦᠭᠡᠶ᠃ 《ᠭᠡᠭᠡᠷᠡᠳᠤ ᠶᠢᠨ ᠴᠢᠨ᠋ᠸ᠎ᠠ ᠭᠡᠭ᠍ᠴᠢ ᠣᠷᠢᠳᠤ ᠳᠤ ᠮᠤᠷᠢ ᠲᠡᠶ ᠭᠦᠮᠤᠨ ᠢ ᠪᠦᠰᠡᠯᠡᠵᠤ ᠬᠤᠨᠤᠳᠠᠭ ᠪᠠᠢ᠌ᠯ᠎ᠠ ᠭᠡᠳᠡᠭ᠌᠃ ᠮᠠᠭᠤ ᠭᠡᠦᠭᠡᠨ ᠮᠢᠨᠢ ᠶᠠᠭᠠᠭᠢᠭᠰᠠᠨ ᠪᠣᠯ︖ 》 ᠭᠡᠭᠦ ᠪᠣᠳᠤᠯ ᠰᠡᠵᠢᠭ᠌ ᠲᠤ ᠭᠤᠮᠪᠣ ᠳᠣᠢ᠌ᠭᠤᠵᠤ ᠨᠠᠢ᠌ᠭᠤᠭᠠᠤᠨ ᠭᠡᠳᠤ ᠠᠯᠬᠤᠭᠰᠠᠨ ᠶᠢᠡᠨ ᠭᠤᠳᠤᠯ ᠤᠨ ᠶᠢᠡᠨ ᠬᠤᠩᠰᠢᠶᠠᠷ ᠶᠢᠡᠷ ᠴᠠᠰᠤ ᠶᠢ ᠥᠩᠭᠡᠴᠡᠨ ᠳᠡᠭᠡᠭᠡᠵᠤ᠂ ᠭᠡᠳᠤᠨ ᠭᠦᠯᠳᠡᠭᠦᠤ ᠠᠷᠭᠠᠯ ᠳᠡᠭᠦᠵᠤ ᠬᠤᠷᠮᠣᠢ᠌ᠯᠠᠭᠠᠤᠨ ᠭᠡᠷ ᠲᠡᠭᠡᠨ ᠣᠷᠤᠯ᠎ᠠ᠃ ᠥᠷᠯᠦᠭᠡ ᠡᠴᠡ ᠡᠭᠢᠯᠡᠨ ᠵᠤᠤᠬ᠎ᠠ ᠪᠠᠨ ᠳᠤᠭᠤᠷᠢᠨ ᠡᠷᠭᠢᠴᠡᠵᠤ ᠵᠢᠭᠠᠬᠠᠨ ᠭᠦᠭᠡ ᠣᠳᠤᠭ᠎ᠠ ᠭᠠᠷᠭᠠᠵᠤ ᠰᠠᠭᠤᠭᠰᠠᠨ ᠡᠭᠡᠨᠡᠷ ᠳᠤᠯᠮ᠎ᠠ ᠨᠢ ᠡᠷ᠎ᠡ ᠶᠢᠨ ᠶᠢᠡᠨ ᠳᠡᠭᠦᠵᠤ ᠢᠷᠡᠭ᠍ᠰᠡᠨ ᠭᠦᠯᠳᠡᠭᠦᠤ ᠭᠦᠭᠡ ᠠᠷᠭᠠᠯ ᠢ ᠵᠤᠤᠬᠠᠨ ᠳᠠᠭᠠᠨ ᠳᠠᠯᠪᠢᠵᠤ ᠭᠡᠴᠢᠨᠡᠨ ᠦᠯᠢᠶᠠᠪᠠᠴᠤ ᠣᠯᠠᠢ᠌ᠬᠤ ᠭᠠᠭᠴᠠ ᠴᠤᠭ ᠠᠯᠠᠭ᠎ᠠ᠃ ᠭᠤᠮᠪᠣ ᠴᠠᠰᠤ ᠰᠠᠯᠭᠢᠨ ᠳᠤ ᠭᠡᠪ ᠶᠢᠡᠨ ᠠᠯᠳᠠᠭᠰᠠᠨ ᠭᠦᠡᠳᠡᠢ ᠭᠦᠢᠳᠡᠨ ᠭᠡᠷ ᠲᠡᠭᠡᠨ ᠳᠤᠭᠳᠠᠪᠣᠷᠢ ᠠᠯᠳᠠᠨ ᠡᠭᠡᠨᠡᠷ ᠲᠡᠭᠡᠨ ᠄

― ᠴᠢ ᠣᠯᠢᠭᠳᠠᠢ ᠰᠢᠭ ᠳᠤᠯᠠᠭᠠᠨ ᠶᠠᠭᠤᠮ᠎ᠠ ᠪᠠᠨ ᠡᠮᠦᠰ᠃ ᠭᠠᠳᠠᠨᠠᠭᠢ ᠭᠡᠳᠤᠨ ᠠᠮᠢᠳᠠᠨ ᠶᠢᠡᠨ ᠪᠠᠷᠠᠭᠤᠠᠳᠠᠭᠢ ᠰᠠᠢ ᠭᠤᠤᠯ ᠤᠨ ᠳᠠᠠᠳᠠ ᠭᠦᠷᠭᠡᠵᠤ ᠰᠢᠷᠠᠯᠵᠢ ᠥᠭ᠍ᠳᠡᠭᠡᠯᠭᠡᠶ᠎ᠡ ᠭᠡᠮᠡᠨ ᠭᠠᠷᠳᠠᠯ᠎ᠠ ᠰᠠᠯᠭᠢ ᠰᠢᠭᠤᠷᠴᠤ ᠡᠭᠢᠯᠡᠵᠡᠢ᠃ ᠢᠰᠭᠡᠷᠤᠨ ᠰᠢᠭᠤᠷᠭᠠᠯᠠᠬᠤ ᠴᠠᠰᠤ ᠰᠠᠯᠭᠢᠨ ᠳᠤ ᠳᠡᠭ᠍ᠷᠢ ᠭᠠᠵᠠᠷ ᠢᠯᠭᠠᠭᠳᠠᠬᠤ ᠪᠠᠨ ᠪᠠᠢ᠌ᠭᠠᠤᠨ ᠵᠥᠭ᠌ ᠴᠢᠭ᠌ ᠠᠷᠠᠢ ᠮᠡᠳᠡᠭ᠍ᠳᠡᠨ᠎ᠡ᠃ ᠭᠤᠮᠪᠣ ᠡᠭᠡᠨᠡᠷ ᠲᠡᠶ ᠪᠠᠨ ᠰᠢᠭᠤᠷᠭᠠᠨ ᠳᠤ ᠳᠠᠭᠤᠭᠳᠠᠬᠤ ᠥᠭᠡᠷ ᠮᠠᠯ ᠶᠢᠡᠨ ᠳᠤᠭᠳᠠᠭᠠᠯ᠎ᠠ᠃ ᠭᠡᠳᠤᠨ ᠥᠭᠡᠷ ᠨᠢ ᠰᠢᠭᠤᠷᠭᠠᠨ ᠤ ᠭᠦᠯ ᠳᠤ ᠭᠤᠪᠴᠢᠭᠠᠨᠠᠭᠰᠠᠭᠠᠷ ᠡᠵᠡᠨ ᠤ ᠪᠠᠨ ᠬᠤᠷᠢᠭᠯᠠᠯ ᠢ ᠰᠠᠳᠠᠯᠵᠤ ᠨᠢᠳᠤ ᠨᠢᠭᠤᠷ ᠦᠭᠡᠶ ᠮᠥᠭᠡᠷᠡᠯᠳᠦᠭ᠍ᠰᠡᠭᠡᠷ ᠠᠨᠢᠷ ᠳᠠᠰᠤᠷᠠᠪᠠ᠃ ᠭᠤᠮᠪᠣ ᠡᠭᠡᠨᠡᠷ ᠲᠡᠶ ᠪᠠᠨ ᠣᠨᠠᠵᠤ ᠮᠥᠯᠭᠦᠭ᠍ᠰᠡᠭᠡᠷ ᠳᠠᠭᠤ ᠳᠠᠭᠤ ᠪᠠᠨ ᠠᠪᠣᠯᠴᠠᠨ ᠮᠠᠯ ᠶᠢᠡᠨ ᠳᠤᠭᠳᠠᠭᠠᠵᠤ ᠰᠢᠭᠤᠷᠭᠠᠨ ᠤ ᠭᠦᠯ ᠨᠠᠮᠵᠢᠬᠤ ᠶᠢ ᠭᠦᠯᠢᠶᠡᠭᠦ ᠳᠤ᠂ ᠰᠢᠭᠤᠷᠭ᠎ᠠ ᠬᠠᠶᠠ ᠰᠢᠷᠦᠭᠦᠰᠴᠤ᠂ ᠬᠠᠶᠠ ᠨᠠᠮᠳᠠᠵᠤ ᠪᠠᠢ᠌ᠭᠰᠠᠭᠠᠷ ᠡᠴᠦᠰ ᠲᠡᠭᠡᠨ ᠪᠠᠬᠠᠨ ᠨᠠᠮᠳᠠᠵᠤ ᠣᠴᠢᠵᠠᠢ᠃ ᠴᠠᠢ᠌ᠪᠣᠷ ᠪᠣᠳᠠᠩ ᠳᠠᠳᠠᠭᠰᠠᠨ ᠳᠡᠭ᠍ᠷᠢ ᠶᠢᠨ ᠴᠢᠷᠠᠢ ᠶᠢ ᠠᠵᠢᠪᠠᠯ ᠭᠡᠴᠡᠭᠦᠤ ᠣᠷᠣᠢ᠌ᠳᠠᠭ᠎ᠠ ᠮᠠᠶ‍ᠢᠭᠳᠠᠢ᠃ ᠭᠡᠦᠭᠡᠨ ᠨᠢ ᠣᠳᠤ ᠪᠣᠯᠳᠠᠯ᠎ᠠ ᠡᠰᠡ ᠢᠷᠡᠭᠦ ᠳ᠋ᠤᠨᠢ ᠭᠤᠮᠪᠣ ᠭᠦᠯ ᠳᠤᠯᠤᠭᠠᠢ ᠠᠯᠳᠠᠨ ᠪᠣᠯᠠᠭ ᠭᠡᠭᠡᠷ ᠮᠤᠷᠢ ᠪᠠᠨ ᠡᠮᠡᠭᠡᠯᠯᠡᠭᠡᠤᠨ᠄

—ᠮᠠᠭᠤ ᠶᠤᠷᠤ ᠪᠠᠢ᠌ᠯᠭᠦᠢ᠂ ᠡᠨᠡ ᠭᠡᠦᠭᠡᠨ ᠶᠠᠭᠠᠭᠢᠴᠢᠬᠠᠪᠠ︖ ᠪᠢ ᠬᠣᠢ᠌ᠨ᠎ᠠ ᠡᠴᠡ ᠨᠢ ᠶᠠᠪᠣᠶ᠎ᠠ᠃ ᠴᠢ ᠮᠠᠯ ᠶᠢᠡᠨ ᠬᠠᠷᠠᠵᠤ ᠴᠢᠨ᠋ᠸ᠎ᠠ ᠨᠤᠬᠠᠢ ᠡᠴᠡ ᠰᠠᠷᠠᠮᠵᠢᠯᠠᠵᠤ ᠪᠠᠢ ᠭᠡᠵᠤ ᠳᠤᠯᠮ᠎ᠠ ᠳᠠᠭᠠᠨ ᠵᠠᠭᠢᠭᠠᠤᠨ ᠮᠤᠷᠳᠠᠯ᠎ᠠ᠃

ᠭᠡᠭᠡᠷᠡᠳᠤ ᠭᠡᠭ᠍ᠴᠢ ᠳᠦᠷᠪᠡᠨ ᠳᠠᠯ᠎ᠠ ᠪᠠᠷ ᠶᠢᠡᠨ ᠠᠭᠤᠯᠠᠨ ᠳᠤ ᠭᠦᠷᠢᠶᠡᠯᠡᠭ᠍ᠳᠡᠵᠤ ᠬᠠᠶᠠ ᠳᠤᠪᠣ ᠳᠤᠯᠤᠭᠠᠤᠨ᠂ ᠬᠠᠮᠠᠷ ᠳᠠᠪᠠᠭ᠎ᠠ᠂ ᠭᠤᠤᠯ ᠭᠦᠡᠳᠡᠢ ᠲᠡᠶ ᠳᠠᠯᠠᠷᠬᠠᠭ ᠭᠠᠵᠠᠷ ᠶᠤᠮ᠃ ᠡ᠊ᠨᠳᠡᠭᠢ ᠴᠢᠨ᠋ᠸ᠎ᠠ ᠭᠡᠴᠡᠭᠦᠤ ᠪᠣᠯᠬᠤᠷ ᠭᠦᠮᠦᠰ ᠨᠤᠳᠤᠭ ᠤᠨ ᠶᠤᠰᠤ ᠪᠠᠷ ᠴᠢᠨ᠋ᠸ᠎ᠠ ᠭᠡᠮᠡᠭᠦ ᠨᠠᠷ᠎ᠠ ᠶᠢ ᠴᠡᠭᠡᠷᠯᠡᠨ ᠭᠡᠭᠡᠷᠡᠳᠤ ᠭᠡᠵᠤ ᠨᠡᠷᠡᠯᠡᠭ᠍ᠰᠡᠨ ᠪᠦᠭᠡᠤᠨ ᠡ᠊ᠨᠳᠡᠭᠢ ᠶᠢᠨ ᠠᠭᠤᠷ ᠠᠮᠢᠰᠬᠤᠯ ᠭᠦᠢᠳᠡᠨ ᠪᠦᠭᠡᠤᠨ ᠭᠠᠮᠰᠢᠭ ᠵᠤᠳ ᠠᠷᠪᠢᠨ ᠪᠠᠢ᠌ᠵᠤ ᠡᠪᠠᠰᠤ ᠮᠤᠳᠤ ᠰᠡᠢ᠌ᠷᠡᠭ᠌ ᠳᠡᠭᠡᠷ᠎ᠡ ᠪᠠᠨ ᠴᠢᠨ᠋ᠸ᠎ᠠ ᠠᠷᠢᠶᠠᠳᠠᠨ ᠭᠡᠴᠡᠭᠦᠤ ᠪᠠᠢ᠌ᠳᠠᠭ ᠪᠣᠯᠬᠤᠷ ᠭᠦᠮᠤᠨ ᠮᠠᠯ ᠤᠨ ᠭᠦᠯ ᠭᠢᠰᠭᠢᠯ ᠦᠭᠡᠶ ᠣᠨ ᠣᠳᠠᠵᠠᠢ᠃ ᠠᠯᠢ ᠡᠷᠳᠡ ᠬᠠᠮᠳᠤᠷᠠᠯ ᠤᠨ ᠦᠶ᠎ᠡ ᠳᠤ ᠵᠠᠷᠢᠮ ᠵᠢᠯ ᠳᠤᠰᠬᠠᠢ ᠠᠢ᠌ᠯ ᠡᠷᠦᠭᠡ ᠭᠠᠷᠭᠠᠵᠤ ᠪᠠᠷᠢᠭᠠᠳᠠ ᠶᠢᠨ ᠪᠣᠳᠠ ᠮᠠᠯ ᠬᠠᠷᠢᠭᠤᠯᠵᠤ ᠪᠠᠢ᠌ᠳᠠᠭ ᠪᠠᠢ᠌ᠭᠰᠠᠨ ᠪᠣᠯᠪᠠᠴᠤ ᠳᠤᠬᠠᠢ ᠶᠢᠨ ᠦᠶ᠎ᠡ ᠶᠢᠨ ᠣᠯᠤᠰ ᠠᠷᠠᠤᠨ ᠤᠨ ᠵᠣᠢ᠌ᠯ ᠪᠦᠷᠢ ᠶᠢᠨ ᠳᠤᠰᠠᠯᠠᠮᠵᠢ ᠳᠡᠮᠵᠢᠯᠭᠡ ᠪᠠᠢ᠌ᠭᠰᠠᠨ ᠭᠡᠤᠨ ᠮᠦᠨ ᠪᠠᠷᠤᠭᠳᠠᠢ ᠯᠠ ᠨᠤᠳᠤᠭᠰᠢᠳᠠᠭ ᠪᠠᠢ᠌ᠵᠠᠢ᠃

ᠭᠦᠢᠳᠡᠨ ᠭᠦᠯᠳᠡᠭᠦᠤ ᠬᠠᠩᠭ᠋ᠠᠢ ᠴᠠᠭᠠᠨ ᠳᠡᠯᠡᠭᠡᠢ ᠳᠤᠭᠰᠢᠨ ᠰᠢᠭᠤᠷᠭ᠎ᠠ ᠪᠠᠨ ᠲᠦᠷ ᠳᠠᠳᠠᠭᠰᠠᠨ ᠴᠤ ᠳᠤᠭᠤᠭᠠᠨ ᠬᠥ᠋ ᠰᠢᠭ᠌ ᠳᠦᠨᠠᠷ ᠬᠠᠷᠠᠩᠭ᠋ᠤᠢ ᠳᠤ ᠳᠠᠭᠢᠨ ᠵᠠᠯᠭᠢᠭᠳᠠᠪᠠ᠃ ᠭᠤᠮᠪᠣ ᠳᠦᠭᠡᠷᠢᠴᠢᠭᠡᠭᠦ ᠪᠣᠢ ᠭᠡᠮᠡᠨ ᠮᠤᠷᠢᠨ ᠡᠴᠡ ᠪᠠᠨ ᠪᠠᠭᠤᠵᠤ ᠭᠠᠵᠠᠷ ᠤᠨ ᠪᠠᠢ᠌ᠴᠠ ᠪᠠᠷ ᠵᠥᠭ᠌ ᠴᠢᠭ᠌ ᠶᠢᠡᠨ ᠪᠠᠷᠤᠭᠯᠠᠨ ᠭᠦᠷ ᠴᠠᠰᠤᠨ ᠳᠤ ᠪᠣᠯᠬᠤᠭᠰᠠᠭᠠᠷ ᠳᠡᠮᠡᠭᠡᠨ ᠪᠠᠢ᠌ᠭ᠎ᠠ ᠠᠭᠤᠯᠠᠨ ᠳ᠋ᠠᠭᠢ ᠭᠤᠤᠯ ᠤᠨ ᠠᠮᠠᠨ ᠳᠤ ᠭᠦᠷᠦᠯ᠎ᠡ᠃ ᠰᠠᠷᠠᠯ ᠪᠣᠳᠠᠩ ᠳᠠᠳᠠᠭᠰᠠᠨ ᠳᠡᠭ᠍ᠷᠢ ᠶᠢᠨ ᠴᠤᠭᠤᠷᠬᠠᠢ ᠣᠷᠤᠢ ᠪᠠᠷ ᠡ᠊ᠨᠳᠡ ᠳᠠᠠᠳᠠ ᠬᠠᠶᠠ ᠬᠠᠶᠠ ᠣᠳᠤᠳ ᠠᠨᠢᠪᠴᠢᠵᠤ᠂ ᠡᠭᠦᠯᠡᠨ ᠪᠣᠳᠠᠩ ᠳᠤ ᠬᠠᠯᠬᠠᠯᠠᠭᠳᠠᠵᠤ ᠰᠠᠷᠠᠨ ᠤ ᠪᠦᠳᠡᠭᠢ ᠭᠡᠷᠡᠯ ᠳᠤ ᠭᠤᠤᠯ ᠤᠨ ᠬᠤᠶᠠᠷ ᠬᠠᠪᠢ ᠪᠠᠷ ᠭᠢ ᠠᠰᠬ᠎ᠠ ᠬᠠᠳᠠ᠂ ᠬᠠᠭᠤᠷᠠᠢ ᠭᠤᠤᠯ ᠭᠦᠡᠳᠡᠢ ᠨᠠᠢ᠌ᠳᠠᠮ ᠭᠦᠳᠦᠭᠦᠷ ᠨᠡᠯᠥᠢᠭᠡᠤᠨ ᠵᠥᠭ᠌ ᠴᠢᠭ᠌ ᠠᠷᠠᠢ ᠮᠡᠳᠡᠭ᠍ᠳᠡᠨ᠎ᠡ᠃ ᠭᠤᠮᠪᠣ ᠮᠤᠷᠢ ᠪᠠᠨ ᠭᠦᠳᠦᠯᠤᠨ ᠣᠨᠠᠵᠤ ᠪᠣᠰᠤᠭᠰᠠᠭᠠᠷ 《ᠴᠠᠭᠠᠨ‍ᠴᠡᠴᠡᠭ ᠡ︕》 ᠭᠡᠵᠤ ᠬᠠᠰᠭᠢᠷᠤᠨ ᠡᠷᠭᠢ ᠭᠠᠩᠭ᠋᠎ᠠ ᠶᠢ ᠳᠠᠪᠠᠵᠤ ᠪᠠᠭᠤᠭᠰᠠᠭᠠᠷ ᠠᠯᠬᠤᠵᠤ ᠭᠢᠰᠭᠢᠭᠦ ᠨᠢ ᠳᠣᠢ᠌ᠯᠳᠠᠵᠤ ᠡᠪᠦᠷ ᠭᠤᠳᠤᠯ ᠨᠢ ᠴᠠᠰᠤ ᠪᠠᠷ ᠳᠦᠭᠦᠷᠴᠤ ᠴᠠᠴᠠᠷᠭᠢᠯᠠᠨ᠎ᠠ᠃ ᠭᠡᠨᠡᠳᠲᠡ ᠪᠣᠯᠠᠭ ᠭᠡᠭᠡᠷ ᠨᠢ ᠴᠢᠭᠢ ᠰᠡᠷᠳᠡᠯᠵᠡᠭᠦᠯᠡᠷ ᠭᠤᠮᠪᠣ ᠠᠮᠢᠰᠬᠤᠭ᠎ᠠ ᠪᠠᠨ ᠬᠤᠷᠢᠶᠠᠨ ᠳᠠᠷᠠ ᠵᠥᠭ᠌ ᠲᠤ ᠴᠢᠩᠨᠠᠪᠠᠯ ᠭᠤᠤᠯ ᠤᠨ ᠡᠮᠦᠨ᠎ᠡ ᠨᠢᠭᠤᠷ ᠲᠤ ᠮᠤᠷᠢ ᠢᠠᠴᠠᠭᠠᠬᠤ ᠳᠤᠭᠤᠯᠳᠠᠪᠠ᠃ ᠭᠤᠮᠪᠣ ᠮᠤᠷᠢ ᠢᠠᠴᠠᠭᠠᠭᠰᠠᠨ ᠵᠥᠭ᠌ ᠲᠤ ᠣᠢ᠌ᠷᠠᠳᠤᠵᠤ ᠭᠦᠷᠭᠦ ᠦᠶ᠎ᠡ ᠭᠡᠦᠭᠡᠨ ᠤ ᠭᠢᠨᠢ ᠮᠤᠷᠢ ᠣᠶᠠᠭᠠᠳᠠᠢ ᠪᠠᠢ᠌ᠵᠤ᠂ ᠬᠠᠵᠠᠭᠤ ᠳ᠋ᠤᠨᠢ ᠬᠤᠶᠠᠷ ᠳᠡᠮᠡᠭᠡ ᠨᠢ ᠵᠤᠭᠰᠤᠵᠤ ᠪᠠᠢ᠌ᠬᠤ ᠬᠠᠷᠠᠭᠳᠠᠨ᠎ᠠ᠃ ᠳᠠᠷᠠ ᠡᠷᠭᠢᠨ ᠳᠤᠭᠤᠷᠢᠨ ᠶᠢᠡᠨ ᠠᠵᠢᠭᠯᠠᠨ ᠴᠠᠰᠢ ᠶᠠᠪᠣᠳᠠᠯ᠎ᠠ ᠴᠠᠰᠤᠨ ᠳᠡᠭᠡᠷ᠎ᠡ ᠭᠡᠦᠭᠡᠨ ᠨᠢ ᠣᠬᠠᠭ᠎ᠠ ᠮᠡᠳᠡᠭᠡ ᠦᠭᠡᠶ ᠭᠡᠪᠳᠡᠵᠤ ᠪᠠᠢ᠌ᠪᠠ᠃ ᠳᠡᠭᠡᠭᠡᠤᠨ ᠪᠠᠷᠠᠭᠤᠨ ᠭᠦᠯ ᠨᠢ ᠬᠤᠭᠤᠷᠠᠵᠤ ᠴᠢᠰᠤ ᠨᠦᠵᠢ ᠳᠤ ᠪᠢᠯᠳᠠᠭᠳᠠᠨ ᠳᠠᠪᠠᠯ ᠤᠨ ᠬᠤᠷᠮᠤᠢ ᠦᠮᠦᠳᠦ ᠭᠤᠳᠤᠯ ᠨᠢ ᠴᠠᠰᠤ ᠮᠦᠰᠤᠨ ᠳᠤ ᠪᠠᠷᠢᠯᠳᠤᠵᠤ ᠭᠦᠷᠦᠵᠡᠢ᠃ ᠡᠴᠢᠭᠡ ᠨᠢ ᠭᠤᠮᠪᠣ 《ᠴᠠᠭᠠᠨ‍ᠴᠡᠴᠡᠭ ᠡ︕》 ᠭᠡᠵᠤ ᠣᠭᠢᠯᠠᠨ ᠬᠠᠰᠭᠢᠷᠴᠤ ᠡᠷᠭᠦᠨ ᠳᠡᠪᠠᠷᠢᠭᠡᠤᠨ ᠮᠤᠷᠢᠨ ᠤ ᠪᠠᠨ ᠳᠡᠷᠭᠡᠳᠡ ᠭᠦᠷᠦᠭ᠍ᠰᠡᠨ ᠶᠢᠡᠨ ᠭᠠᠯᠯᠠᠬᠤ ᠭᠠᠭᠴᠠ ᠮᠤᠳᠤ ᠴᠤ ᠣᠯᠵᠤ ᠴᠢᠳᠠᠭᠰᠠᠨ ᠦᠭᠡᠶ ᠠᠷᠭ᠎ᠠ ᠶᠠᠳᠠᠬᠤ ᠳᠠᠭᠠᠨ ᠬᠤᠶᠠᠷ ᠮᠤᠷᠢᠨ ᠤ ᠪᠠᠨ ᠡᠮᠡᠭᠡᠯ ᠢ ᠪᠠᠯᠪᠠᠴᠢᠵᠤ ᠭᠠᠯᠯᠠᠭᠠᠤᠨ ᠭᠡᠦᠭᠡᠨ ᠶᠢᠡᠨ ᠡᠭᠡᠭᠡᠪᠡ᠃

ᠭᠦᠯᠳᠡᠵᠤ ᠪᠠᠭᠡᠷᠡᠭᠦ ᠴᠠᠭ ᠲᠤ ᠭᠦᠭᠡᠷᠡᠭᠦ ᠭᠠᠭᠴᠠ ᠵᠤᠷᠪᠣᠰ ᠣᠳᠤᠭ᠎ᠠ ᠴᠤ ᠶᠡᠭᠡ ᠳᠤᠯᠠᠭᠠᠬᠠᠨ ᠰᠠᠨᠠᠭᠳᠠᠨ᠎ᠠ᠃ ᠵᠢᠵᠢᠭ᠍‍ᠭᠡᠨ ᠭᠠᠯ ᠤᠨ ᠢᠯᠴᠢ ᠳᠤ ᠬᠠᠷᠠᠩᠭ᠋ᠤᠢ ᠵᠠᠢ᠌ᠳᠠᠵᠤ ᠴᠡᠩᠭᠡᠷᠭᠡᠨ ᠭᠦᠭᠡ ᠣᠳᠤᠭᠠᠨ ᠳ᠋ᠤᠨᠢ ᠭᠤᠤᠯ ᠭᠦᠡᠳᠡᠢ᠂ ᠠᠭᠤᠯᠠ ᠳᠠᠪᠠᠭ᠎ᠠ᠂ ᠴᠢᠨᠠᠭᠰᠢᠯᠠᠪᠠᠯ ᠭᠡᠭᠡᠷᠡᠳᠤ ᠶᠢᠨ ᠪᠦᠭᠦ ᠨᠤᠳᠤᠭ ᠳᠠᠷᠠ ᠭᠡᠪ ᠶᠢᠡᠷ ᠶᠢᠡᠨ ᠳᠤᠯᠠᠭᠠᠷᠠᠴᠢᠬᠠᠭᠰᠠᠨ ᠶᠤᠮ ᠪᠣᠯᠵᠤ ᠪᠢᠯᠠ᠃ ᠭᠦᠢᠳᠡᠨ ᠴᠢᠷᠠᠢ᠌ᠳᠤ ᠭᠡᠭᠡᠷᠡᠳᠤ ᠶᠢᠨ ᠳᠡᠭ᠍ᠷᠢ ᠦᠷ ᠶᠢᠡᠨ ᠣᠭᠳᠤᠯ᠎ᠠ᠃ ᠴᠠᠭᠠᠨ‍ᠴᠡᠴᠡᠭ ᠣᠬᠠᠭ᠎ᠠ ᠢᠷᠠᠵᠤ ᠪᠠᠭ᠎ᠠ ᠰᠡᠷᠭᠦᠭ᠍ᠰᠡᠨ ᠪᠣᠯᠪᠠᠴᠤ ᠬᠤᠭᠤᠷᠠᠭᠰᠠᠨ ᠭᠦᠯ ᠨᠢ ᠨᠢᠭᠡᠨᠲᠡ ᠮᠤᠳᠤ ᠪᠣᠯᠵᠤ ᠭᠦᠯᠳᠡᠵᠡᠢ᠃ ᠭᠡᠦᠭᠡᠨ ᠶᠢᠡᠨ ᠭᠦᠮᠤᠨ ᠤ ᠶ‍ᠢᠷᠳᠢᠠᠴᠤ ᠶᠢᠨ ᠵᠠᠯᠠᠭᠤ ᠬᠤᠩᠭ᠋ᠤᠷ ᠨᠠᠰᠤᠨ ᠳ᠋ᠤᠨᠢ ᠵᠡᠮᠳᠡᠭ᠌ ᠶᠠᠪᠣᠭᠤᠯᠬᠤ ᠪᠣᠯᠤᠭᠰᠠᠨ ᠳᠠᠭᠠᠨ ᠭᠤᠮᠪᠣ ᠣᠬᠠᠭ᠎ᠠ ᠠᠯᠳᠠᠷᠠᠨ ᠵᠥᠭ᠌ ᠴᠢᠭ᠌ ᠦᠭᠡᠶ ᠪᠠᠷᠭᠢᠷᠠᠬᠤ ᠳᠤ ᠬᠤᠶᠠᠷ ᠳᠠᠯ᠎ᠠ ᠶᠢᠨ ᠠᠰᠬ᠎ᠠ ᠬᠠᠳᠠ ᠴᠤᠤᠷᠠᠶ ᠲᠠᠳᠠᠨ ᠱᠤᠤᠭᠢᠵᠤ᠂ ᠬᠠᠳᠠᠨ ᠤ ᠳᠠᠭᠤᠷᠢᠶᠠᠨ ᠳᠤ ᠠᠰᠬ᠎ᠠ ᠶᠢᠨ ᠴᠠᠰᠤ ᠨᠤᠷᠠᠯᠭᠢᠯᠠᠨ᠎ᠠ᠃ ᠪᠢᠳᠡᠭᠦᠤ ᠬᠠᠳᠠᠨ ᠳᠤ ᠪᠢᠳᠡᠭᠦᠮᠵᠢᠯᠡᠭ᠍ᠳᠡᠭ᠍ᠰᠡᠨ ᠭᠤᠷᠪᠠᠨ ᠳᠡᠮᠡᠭᠡ ᠨᠢ ᠭᠦᠳᠡᠯᠵᠤ ᠴᠢᠳᠠᠬᠤ ᠦᠭᠡᠶ ᠵᠤᠭᠰᠤᠬᠤ ᠳᠤ᠂ ᠳᠡᠭᠦᠨ ᠢ ᠭᠠᠷᠭᠠᠬᠤ ᠭᠡᠤᠨ ᠬᠠᠳᠠᠨ ᠡᠴᠡ ᠣᠢ᠌ᠴᠢᠭᠰᠠᠨ ᠭᠡᠦᠭᠡᠨ ᠤ ᠭᠢᠨᠢ ᠮᠦᠷ ᠴᠠᠰᠤᠨ ᠳᠡᠭᠡᠷ᠎ᠡ ᠮᠡᠳᠡᠭ᠍ᠳᠡᠵᠤ ᠪᠠᠢ᠌ᠯ᠎ᠠ᠃ ᠭᠤᠮᠪᠣ ᠭᠤᠷᠪᠠᠨ ᠳᠡᠮᠡᠭᠡ ᠪᠠᠨ ᠠᠷᠠᠢ ᠭᠡᠮᠡᠨ ᠭᠠᠷᠭᠠᠵᠤ᠂ ᠳᠡᠮᠡᠭᠡ ᠮᠤᠷᠢ ᠪᠠᠨ ᠭᠦᠳᠦᠯᠤᠨ ᠭᠡᠦᠭᠡᠨ ᠶᠢᠡᠨ ᠠᠪᠣᠭᠠᠤᠨ ᠭᠡᠷ ᠵᠥᠭ᠌ ᠶᠢᠡᠨ ᠪᠣᠴᠠᠯ᠎ᠠ᠃


ᠭᠤᠷᠪᠠ


ᠣᠴᠢᠷ ᠶᠠᠪᠣᠳᠠᠯ ᠶᠠᠭ ᠭᠤᠮᠪᠣ ᠶᠢᠨ ᠪᠣᠳᠤᠵᠤ ᠶᠠᠪᠣᠭᠰᠠᠨ ᠡᠴᠡ ᠭᠠᠷᠤᠭᠰᠠᠨ ᠦᠭᠡᠶ᠃ ᠥᠴᠦᠭᠡᠳᠦᠷ ᠰᠦᠨᠢ ᠣᠨᠠᠵᠤ ᠪᠣᠰᠤᠨ ᠠᠶᠤᠵᠤ ᠰᠤᠴᠢᠵᠤ ᠶᠠᠪᠣᠬᠤ ᠳᠤ ᠬᠠᠶᠠ ᠬᠠᠶᠠ ᠴᠢᠨ᠋ᠸ᠎ᠠ ᠣᠯᠢᠵᠤ ᠪᠠᠢ᠌ᠭᠰᠠᠨ ᠪᠠ ᠥᠷᠯᠦᠭᠡ ᠪᠣᠴᠠᠵᠤ ᠢᠷᠡᠭᠦ ᠳᠤ ᠴᠠᠰᠤᠨ ᠳᠡᠭᠡᠷ᠎ᠡ ᠳᠠᠮᠠᠭᠠᠯᠠᠭᠰᠠᠨ ᠴᠢᠨ᠋ᠸ᠎ᠠ ᠶᠢᠨ ᠮᠦᠷ ᠤᠳ ᠢ ᠥᠵᠡᠭᠡᠤᠨ ᠭᠤᠮᠪᠣ ᠭᠡᠴᠡᠭᠦᠤ ᠰᠤᠴᠢᠵᠤ ᠠᠪᠣᠯ᠎ᠠ᠃ ᠳᠠᠷᠠ ᠭᠡᠦᠭᠡᠨ ᠶᠢᠡᠨ ᠠᠪᠴᠤ ᠭᠡᠷ ᠲᠡᠭᠡᠨ ᠬᠠᠷᠢᠵᠤ ᠢᠷᠡᠭᠦ ᠦᠶ᠎ᠡ᠂ ᠬᠤᠳᠠ ᠲᠡᠶ ᠮᠠᠯ ᠨᠢ ᠬᠠᠷᠠᠯᠠᠵᠤ᠂ ᠴᠠᠰᠤᠳᠤ ᠳᠡᠯᠡᠭᠡᠢ ᠣᠯᠠᠭᠠᠨ ᠶᠢᠡᠷ ᠳᠤᠯᠪᠣᠳᠤᠭᠠᠤᠨ ᠳᠠᠰ ᠭᠡᠷᠢᠶ᠎ᠡ ᠰᠢᠮᠠᠭᠤᠯ ᠰᠢᠭ ᠪᠣᠳᠠᠷᠠᠨ᠎ᠠ᠃ 《ᠮᠠᠯ ᠮᠢᠨᠢ ᠳᠦᠭᠦᠷᠦᠯ᠎ᠡ》 ᠭᠡᠵᠤ ᠪᠣᠳᠤᠮᠠᠭᠴᠠ ᠳᠠᠷᠠ ᠣᠬᠠᠭ᠎ᠠ ᠲᠡᠶ ᠣᠬᠠᠭ᠎ᠠ ᠦᠭᠡᠶ ᠭᠡᠦᠭᠡᠨ ᠶᠢᠡᠨ ᠭᠡᠷ ᠲᠡᠭᠡᠨ ᠭᠦᠷᠭᠡᠵᠤ ᠭᠡᠪᠳᠡᠭᠦᠯᠦᠭᠡᠤᠨ ᠬᠤᠭᠤᠷᠠᠭᠰᠠᠨ ᠭᠦᠯ ᠢ ᠨᠢ ᠭᠦᠳᠦᠰᠤ ᠪᠠᠷ ᠴᠤᠭᠯᠠᠨ ᠪᠣᠭᠤᠵᠤ ᠭᠦᠢᠳᠡᠨ ᠪᠦᠯᠢᠶᠡᠨ ᠣᠰᠤᠨ ᠳᠤ ᠭᠤᠯᠢᠷ ᠵᠠᠭᠤᠷᠠᠵᠤ ᠣᠤᠭᠤᠯᠭᠠᠭᠠᠤᠨ ᠭᠠᠷᠪᠠ᠃ ᠡᠳᠡᠨᠡᠢ᠌ᠭᠢ ᠡᠴᠡ ᠵᠡᠭᠦᠨ ᠡᠮᠦᠨᠡᠰᠢᠯᠡᠭ᠍ᠰᠡᠨ ᠠᠭᠤᠯᠠ ᠶᠢᠨ ᠠᠮᠠ ᠭᠦᠷᠳᠡᠯᠡᠭᠢ ᠭᠤᠤᠯ ᠤᠨ ᠭᠦᠡᠳᠡᠢ ᠮᠠᠯ ᠤᠨ ᠰᠡᠭ᠌ ᠰᠠᠪᠠᠰᠤ ᠪᠠᠷ ᠳᠦᠭᠦᠷᠴᠤ᠂ ᠮᠠᠯᠴᠢᠨ ᠭᠦᠮᠤᠨ ᠤ ᠬᠠᠮᠤᠭ ᠶᠡᠭᠡ ᠭᠤᠨᠢᠭ ᠵᠤᠪᠠᠭᠤᠷᠢ ᠭᠡᠭᠡᠷᠡᠳᠤ ᠶᠢᠨ ᠡᠨᠡ ᠶᠡᠭᠡ ᠴᠠᠰᠤᠳᠤ ᠭᠤᠤᠯ ᠤᠨ ᠭᠦᠡᠳᠡᠢ ᠪᠠᠷ ᠢᠳᠡᠭᠡᠷᠡᠵᠤ ᠪᠠᠢ᠌ᠯ᠎ᠠ᠃ ᠭᠤᠮᠪᠣ ᠴᠢᠨ᠋ᠸ᠎ᠠ ᠳᠤ ᠭᠦᠭᠡᠭᠡᠭ᠍ᠳᠡᠵᠤ ᠠᠯᠠᠭᠳᠠᠭᠰᠠᠨ ᠮᠠᠯ ᠤᠨ ᠶᠢᠡᠨ ᠮᠦᠷ ᠢ ᠳᠠᠭᠠᠵᠤ ᠶᠠᠪᠣᠳᠠᠯ᠎ᠠ ᠡᠭᠡᠨᠡᠷ ᠳᠤᠯᠮ᠎ᠠ ᠨᠢ ᠭᠡᠰᠡᠭ᠌ ᠰᠢᠪᠠ ᠰᠢᠷᠬ᠎ᠠ ᠲᠡᠶ ᠦᠯᠠᠳᠠᠪᠣᠷᠢ ᠮᠠᠯ ᠴᠤᠭᠯᠠᠭᠤᠯᠤᠨ ᠳᠠᠭᠤᠵᠤ ᠢᠷᠠᠪᠠ᠃ ᠳᠠᠷᠠ ᠡᠭᠡᠨᠡᠷ ᠶᠢᠡᠨ ᠥᠵᠡᠮᠡᠭ᠍ᠴᠡ ᠠᠭᠤᠷ ᠭᠤᠮᠤᠳᠠᠯ ᠭᠦᠷᠴᠤ ᠰᠠᠢ᠌ᠨ ᠨᠢᠭᠡ ᠬᠠᠷᠢᠶᠠᠭᠠᠤᠨ ᠠᠪᠣᠶ᠎ᠠ ᠭᠡᠵᠤ ᠪᠣᠳᠤᠭᠰᠠᠨ ᠪᠣᠯᠪᠠᠴᠤ ᠬᠠᠷᠢᠶᠠᠵᠤ ᠭᠠᠷᠤᠭᠰᠠᠨ ᠦᠭᠡᠶ ᠬᠠᠬᠠᠵᠤ ᠵᠤᠭᠰᠤᠪᠠ᠃ ᠡᠭᠦᠨ ᠳᠤ᠂ 《ᠦᠷ ᠴᠠᠢ᠌ᠬᠤ ᠶᠢᠨ ᠡᠮᠦᠨᠡᠭᠡᠨ ᠲᠦᠷ ᠥᠷᠭᠡᠯᠡᠭᠦ ᠵᠡᠪᠰᠡᠷ》 ᠭᠡᠤᠨ ᠡᠭᠡᠨᠡᠷ ᠨᠢ ᠣᠷᠢᠳᠠᠵᠤ ᠪᠣᠷᠤᠭᠤ ᠭᠦᠯᠢᠶᠡᠭᠡᠤᠨ ᠨᠢᠳᠤᠨ ᠳᠡᠭᠡᠨ ᠨᠢᠯᠪᠣᠰᠤ ᠭᠦᠶ‍ᠦᠯᠭᠡᠨ᠎ᠡ᠃

ᠭᠦᠷᠦᠰᠦᠳᠤ ᠳᠡᠯᠡᠭᠡᠢ ᠶᠢ ᠨᠥᠮᠦᠷᠢᠭ᠍ᠰᠡᠨ ᠭᠠᠮᠰᠢᠭ ᠵᠤᠳ ᠪᠠ ᠪᠠᠢ᠌ᠭᠠᠯᠢ ᠶᠢᠨ ᠠᠷᠢᠶᠠᠳᠠᠨ ᠠᠮᠢᠳᠠᠨ ᠭᠡᠭ᠍ᠴᠢ ᠶᠠᠮᠠᠷ ᠭᠡᠴᠡᠭᠦᠤ ᠶᠤᠮ ᠪᠢᠯᠠ︕ ᠨᠢᠭᠡ ᠰᠦᠨᠢ ᠶᠢᠨ ᠬᠤᠭᠤᠷᠤᠠᠳᠤ ᠬᠤᠳᠠ ᠳᠠᠢ ᠮᠠᠯ ᠢ ᠨᠢ ᠬᠤᠭᠤᠰᠤᠷᠠᠭᠤᠯᠬᠤ ᠰᠢᠬᠠᠵᠠᠢ᠃ ᠭᠤᠮᠪᠣ ᠡᠭᠡᠨᠡᠷ ᠲᠡᠶ ᠪᠠᠨ ᠳᠠᠭᠤ ᠴᠤ ᠳᠠᠮᠢ ᠰᠤᠯᠢᠯᠴᠠᠭᠰᠠᠨ ᠦᠭᠡᠶ ᠪᠠᠷ ᠰᠢᠷᠬ᠎ᠠ ᠲᠡᠶ ᠭᠡᠳᠤᠨ ᠮᠠᠯ ᠶᠢᠡᠨ ᠴᠤᠭᠯᠠᠭᠤᠯᠵᠤ ᠣᠷᠭᠢᠭᠠᠤᠨ᠂ ᠭᠡᠨ ᠭᠡᠨ ᠨᠢ ᠳᠤᠳᠤᠷ᠎ᠠ ᠪᠠᠨ ᠭᠡᠳᠤᠨ ᠠᠮᠢᠳᠤ ᠮᠠᠯ ᠣᠯᠳᠠᠬᠤ ᠪᠣᠯᠤᠭᠠᠰᠠᠢ ᠭᠡᠰᠡᠨ ᠪᠣᠳᠤᠯ ᠡᠪᠦᠷᠯᠡᠵᠤ ᠴᠠᠰᠤᠨ ᠳᠡᠭᠡᠷ᠎ᠡ ᠮᠦᠷ ᠭᠡᠷᠴᠢᠨ ᠣᠢ᠌ᠷ᠎ᠠ ᠬᠠᠪᠢ ᠶᠢᠨ ᠭᠤᠤᠯ ᠭᠦᠡᠳᠡᠢ ᠳᠠᠪᠠᠭ᠎ᠠ ᠭᠠᠩᠭ᠋᠎ᠠ ᠶᠢ ᠥᠯᠡᠳᠡᠭᠡᠯ ᠦᠭᠡᠶ ᠳᠠᠮᠵᠢᠵᠤ ᠶᠠᠪᠣᠭᠰᠠᠭᠠᠷ ᠡᠳᠦᠷ ᠤᠨ ᠨᠠᠷᠠ ᠶᠢ ᠣᠨᠠᠬᠤ ᠣᠢ᠌ᠷᠠᠳᠤᠭᠤᠯᠤᠭᠰᠠᠨ ᠪᠣᠯᠪᠠᠴᠤ ᠦᠨᠦᠴᠢᠨ ᠭᠠᠭᠴᠠ ᠳᠦᠯᠦᠭᠡ ᠴᠤ ᠠᠮᠢᠳᠤ ᠣᠯᠤᠭᠰᠠᠨ ᠦᠭᠡᠶ᠃ ᠬᠠᠷᠢᠨ ᠠᠷᠪᠠᠭᠠᠤᠨ ᠥᠭᠡᠷ ᠡᠴᠡ ᠪᠠᠰᠠ ᠬᠤᠶᠠᠷ ᠭᠤᠷᠪᠠ ᠨᠢ ᠡᠮᠦᠨᠡᠭᠢ ᠳᠡᠪᠰᠡᠭ᠌ ᠢ ᠥᠩᠭᠡᠷᠡᠵᠤ ᠭᠠᠷᠤᠭᠠᠤᠨ ᠰᠢᠭᠤᠷᠭᠠᠨ ᠤ ᠭᠦᠯ ᠳᠤ ᠭᠦᠭᠡᠭᠡᠭ᠍ᠳᠡᠭ᠍ᠰᠡᠭᠡᠷ ᠴᠠᠰᠤᠳᠤ ᠡᠷᠭᠢ ᠡᠴᠡ ᠬᠠᠯᠳᠤᠷᠢᠵᠤ ᠣᠢ᠌ᠴᠢᠭᠠᠤᠨ ᠠᠯᠢ ᠬᠡᠳᠦᠢ᠌ᠨ ᠴᠢᠨ᠋ᠸ᠎ᠠ ᠭᠡᠷᠢᠶ᠎ᠡ ᠶᠢᠨ ᠮᠦᠯᠵᠢᠪᠣᠷᠢ ᠪᠣᠯᠤᠭᠠᠤᠨ ᠪᠠᠢ᠌ᠯ᠎ᠠ᠃ ᠭᠡᠭᠡᠷᠡᠳᠤ ᠶᠢᠨ ᠭᠡᠯᠭᠢᠶ᠎ᠡ ᠴᠠᠭᠠᠨ ᠶᠠᠰᠤ ᠪᠣᠯᠵᠤ ᠭᠡᠪᠳᠡᠭᠦ ᠮᠠᠯ ᠤᠨ ᠶᠢᠡᠨ ᠰᠡᠭ᠌ ᠰᠠᠪᠠᠰᠤ ᠶᠢ ᠥᠵᠡᠭᠡᠤᠨ ᠭᠤᠮᠪᠣ ᠶᠢᠨ ᠨᠢᠳᠤ ᠬᠠᠷᠠᠩᠭ᠋ᠣᠢ᠌ᠳᠠᠵᠤ 《ᠶᠠᠭᠠᠭᠢᠭᠰᠠᠨ ᠠᠶᠤᠮᠰᠢᠭ ᠲᠤ ᠪᠤᠢ᠂ ᠡᠭᠡ ᠭᠠᠵᠠᠷ ᠢ ᠢᠯᠭᠠᠵᠤ ᠥᠵᠡᠭ᠍ᠰᠡᠨ ᠤ ᠣᠴᠢᠷ ᠲᠤ ᠳᠡᠭ᠍ᠷᠢ ᠰᠠᠭᠢᠭᠤᠰᠤ ᠮᠠᠨ ᠢ ᠪᠣᠷᠤᠭᠤ ᠥᠵᠡᠴᠢᠭᠡᠪᠡ ᠭᠡᠵᠢ ᠦᠦ》 ᠭᠡᠮᠡᠨ ᠰᠡᠵᠢᠭ᠌ ᠲᠦᠷᠦᠵᠤ ᠶᠠᠪᠣᠬᠤ ᠳᠤ ᠡᠨᠡ ᠶᠡᠭᠡ ᠭᠠᠮᠰᠢᠭ ᠭᠠᠢ ᠭᠡᠵᠤ ᠳᠡᠭᠡᠳᠤ ᠳᠡᠭ᠍ᠷᠢ ᠶᠢᠨ ᠪᠣᠷᠤᠭᠤᠰᠢᠶᠠᠯ ᠪᠠᠢ᠌ᠬ᠎ᠠ᠃ ᠬᠤᠵᠢᠷᠳᠤ ᠶᠢ ᠬᠠᠷᠢᠶᠠᠵᠤ ᠬᠠᠶᠠᠭᠠᠤᠨ ᠭᠠᠷᠴᠤ ᠢᠷᠡᠭ᠍ᠰᠡᠨ ᠨᠢ ᠯᠠᠪᠳᠠᠢ ᠯᠤᠤᠰ ᠳᠡᠭ᠍ᠷᠢ ᠶᠢ ᠭᠢᠯᠢᠩᠯᠡᠭᠦᠯᠦᠭ᠍ᠰᠡᠨ ᠪᠠᠢ᠌ᠵᠤ ᠮᠠᠳᠠᠨ᠎ᠠ᠃ ᠨᠠᠩ ᠴᠤ ᠭᠤᠷᠪᠠᠨ ᠣᠪᠣᠭ᠎ᠠ ᠶᠢ ᠠᠭᠤᠷᠯᠠᠭᠤᠯᠠᠭᠰᠠᠨ ᠮᠠᠭᠠᠤᠨ ᠭᠡᠵᠤ ᠪᠣᠳᠤᠨ ᠡᠭᠡᠨᠡᠷ ᠨᠢ ᠡᠷ᠎ᠡ ᠪᠠᠨ ᠠᠭᠤᠷᠳᠠᠢ ᠬᠠᠷᠠᠵᠤ ᠶᠠᠪᠣᠨ᠎ᠠ᠃

ᠨᠠᠷᠠ ᠣᠨᠠᠵᠤ᠂ ᠰᠢᠷ᠎ᠠ ᠪᠦᠷᠦᠢ ᠪᠣᠯᠤᠯ᠎ᠠ᠃ ᠭᠤᠮᠪᠣ ᠡᠭᠡᠨᠡᠷ ᠲᠡᠶ ᠪᠠᠨ ᠦᠯᠠᠳᠠᠪᠣᠷᠢ ᠭᠡᠳᠤ ᠮᠠᠯ ᠶᠢᠡᠨ ᠬᠤᠷᠢᠶᠠᠵᠤ ᠭᠦᠷᠭᠦ ᠳᠤ᠂ ᠭᠡᠦᠭᠡᠨ ᠨᠢ ᠬᠠᠪᠣᠤᠠᠴᠤ ᠬᠠᠯᠠᠭᠤᠷᠠᠭᠠᠤᠨ ᠵᠦᠷᠢᠶ᠎ᠠ ᠶᠠᠷᠢᠬᠤ ᠪᠣᠯᠴᠢᠬᠠᠭᠰᠠᠨ ᠪᠠᠢ᠌ᠪᠠ᠃ ᠳᠠᠳᠠ ᠬᠤᠶᠠᠭᠤᠯᠠ ᠭᠦᠯ ᠳᠤᠯᠤᠭᠠᠢ ᠪᠣᠯᠵᠤ ᠭᠠᠯ ᠭᠦᠰ ᠶᠢᠡᠨ ᠣᠩᠭ᠋ᠠᠤᠠᠬᠠᠨ ᠭᠡᠦᠭᠡᠨ ᠤ ᠪᠠᠨ ᠡ᠊ᠨᠳᠡ ᠳᠠᠠᠳᠠ ᠭᠠᠷᠴᠤ ᠡᠮ ᠳᠠᠩ ᠡᠨᠡ ᠳᠠᠷᠠ ᠭᠡᠤᠨ ᠮᠤᠩᠭ᠋ᠠᠨᠢᠨ ᠪᠠᠢ᠌ᠵᠤ ᠰᠦᠨᠢ ᠳᠦᠯᠢ ᠪᠤᠯᠵᠠᠢ᠃ ᠡᠮ ᠳᠠᠩ ᠤᠨ ᠭᠦᠴᠤᠨ ᠳᠤ ᠭᠡᠦᠭᠡᠨ ᠤ ᠭᠢᠨᠢ ᠬᠠᠯᠠᠭᠤᠷᠠᠬᠤ ᠨᠢ ᠪᠠᠭ᠎ᠠ ᠢᠯᠠᠷᠢᠰᠢᠵᠤ ᠢᠷᠡᠭ᠍ᠰᠡᠨ ᠪᠣᠯᠪᠠᠴᠤ ᠬᠤᠭᠤᠷᠠᠭᠰᠠᠨ ᠭᠦᠯ ᠨᠢ ᠭᠡᠴᠡᠭᠦᠤ ᠬᠠᠪᠣᠤᠠᠴᠤ᠂ ᠪᠦᠳᠦᠭᠦᠨ ᠭᠤᠶ᠎ᠠ ᠡᠴᠡ ᠨᠢ ᠣᠷᠤᠭᠤ ᠡᠷᠢᠭᠡ ᠰᠥᠢᠭᠡ ᠪᠣᠯᠳᠠᠯ᠎ᠠ ᠣᠰᠤᠳᠤᠭᠠᠤᠨ ᠠᠮᠠ ᠬᠠᠮᠭᠢᠯ ᠦᠭᠡᠶ ᠶᠤᠤᠯᠠᠵᠤ ᠪᠠᠷᠭᠢᠷᠠᠨ᠎ᠠ᠃ ᠭᠤᠮᠪᠣ ᠭᠡᠴᠡᠭᠦᠤ ᠶᠠᠳᠠᠷᠠᠵᠤ ᠳᠡᠩᠭᠡᠭᠡ ᠳᠠᠰᠤᠷᠠᠭᠰᠠᠨ ᠤ ᠳᠡᠭᠡᠷ᠎ᠡ ᠦᠶ᠎ᠡ ᠭᠡᠰᠢᠭᠦᠤ ᠣᠭᠤᠴᠠ ᠨᠢᠷᠤᠭᠤ ᠨᠢ ᠡᠪᠠᠦᠡᠭᠦ ᠬᠠᠭᠤᠴᠢᠨ ᠠᠷᠬᠠᠭ ᠨᠢ ᠭᠦᠳᠡᠯᠦᠭᠡᠤᠨ ᠪᠣᠰᠴᠤ ᠰᠠᠭᠤᠬᠤ ᠳᠠᠭᠠᠨ ᠭᠦᠴᠢᠷᠳᠡᠵᠤ ᠪᠣᠳᠤᠯᠭ᠎ᠠ ᠳᠤ ᠪᠠᠷᠢᠭᠳᠠᠨ᠎ᠠ᠃ ᠳᠤᠯᠮ᠎ᠠ ᠳᠤᠭᠤᠭ᠎ᠠ ᠰᠢᠨᠠᠭ᠎ᠠ ᠵᠤᠤᠬ᠎ᠠ ᠲᠡᠶ ᠪᠠᠨ ᠣᠷᠢᠶᠠᠯᠳᠤᠭᠠᠤᠨ᠂ ᠬᠤᠨᠤᠭ ᠬᠤᠭᠤᠯᠠ ᠭᠢᠭᠦ ᠭᠡᠮᠡᠨ ᠶᠠᠭᠠᠷᠠᠪᠠᠴᠤ ᠣᠬᠠᠭᠠᠨ ᠰᠠᠨᠠᠭ᠎ᠠ ᠨᠢ ᠬᠠᠷᠢᠨ ᠪᠠᠶ᠎ᠠ ᠳᠡᠭᠡᠨ ᠪᠠᠢ᠌ᠭᠰᠠᠨ ᠦᠭᠡᠶ᠃ ᠦᠷ᠎ᠡ ᠶᠢᠨ ᠭᠠᠭᠴᠠ ᠭᠡᠦᠭᠡᠨ ᠳᠡᠭᠡᠨ ᠰᠠᠨᠠᠭ᠎ᠠ ᠬᠠᠢ᠌ᠯᠵᠤ ᠵᠤᠪᠠᠬᠤ ᠳᠤ ᠣᠢ᠌ᠯᠠ ᠶᠠᠪᠣᠳᠠᠯ ᠭᠠᠷ ᠳᠤᠨᠢ ᠦᠯᠦ ᠢᠷᠠᠨ᠎ᠠ᠃

ᠶ‍ᠢᠷᠳᠢᠠᠴᠤ ᠳᠡᠯᠡᠭᠡᠢ ᠪᠦᠷ ᠯᠠ ᠭᠠᠢ ᠴᠢᠦᠡᠭᠦᠷ ᠤᠨ ᠭᠢ ᠪᠣᠯᠤᠭᠰᠠᠨ ᠰᠢᠭ᠌ ᠣᠢ᠌ᠷ᠎ᠠ ᠬᠠᠪᠢ ᠪᠠᠷ ᠥᠨᠡᠭᠡ ᠴᠢᠨ᠋ᠸ᠎ᠠ ᠣᠯᠢᠨ ᠣᠭᠤᠯᠢ ᠰᠢᠪᠠᠭᠤ ᠭᠠᠳᠢᠭᠢᠨᠠᠨ ᠳᠤᠤᠭᠠᠷᠤᠨ᠎ᠠ᠃ ᠠᠢ᠌ᠳᠠᠰ ᠭᠦᠷᠦᠮ᠎ᠡ ᠢᠳᠡᠭᠡᠨ ᠬᠠᠷ᠎ᠠ ᠬᠠᠷᠠᠩᠭ᠋ᠤᠢ ᠭᠤᠮᠪᠣ ᠶᠢᠨ ᠭᠢᠨ ᠢ ᠵᠠᠢ ᠦᠭᠡᠶ ᠳᠠᠷᠤᠵᠤ ᠡᠨᠡ ᠬᠠᠷᠠᠩᠭ᠋ᠤᠢ ᠳᠤ ᠡᠳᠡᠨᠡᠢ᠌ᠭᠡᠨ ᠤ ᠡᠭᠦᠳᠡᠨ ᠡᠷᠦᠭᠡ ᠪᠠᠷ ᠯᠠ ᠶᠢᠨ ᠪᠦᠳᠡᠭᠢ ᠭᠡᠷᠡᠯ ᠣᠠᠳᠠᠷᠠᠯ ᠦᠭᠡᠶ ᠭᠡᠷᠡᠯᠳᠦᠭ᠍ᠰᠡᠭᠡᠷ ᠪᠠᠢ᠌ᠵᠤ ᠦᠷ ᠭᠡᠭᠡᠷᠡᠭᠦᠯᠪᠡ᠃


ᠳᠦᠷᠪᠡ


ᠮᠠᠷᠭᠠᠰᠢ ᠥᠷᠯᠦᠭᠡ ᠨᠢ ᠭᠤᠮᠪᠣ ᠶᠢᠨ ᠭᠢᠨ ᠤ ᠬᠤᠳᠠᠨ ᠳ᠋ᠠᠭᠢ ᠰᠢᠷᠬ᠎ᠠ ᠲᠡᠶ ᠦᠯᠠᠳᠠᠪᠣᠷᠢ ᠭᠡᠳᠤᠨ ᠮᠠᠯ ᠡᠴᠡ ᠪᠠᠰᠠ ᠭᠡᠳᠤ ᠨᠢ ᠥᠭᠦᠭᠡᠤᠨ ᠪᠠᠢ᠌ᠯ᠎ᠠ᠃ ᠭᠠᠳᠠᠨ᠎ᠠ ᠣᠶᠠᠭᠠᠳᠠᠢ ᠳᠡᠮᠡᠭᠡ ᠮᠤᠷᠢᠳ ᠨᠢ ᠴᠠᠰᠤᠨ ᠱᠠᠭᠰᠤᠤᠷᠭ᠎ᠠ ᠪᠣᠯᠤᠭᠠᠤᠨ ᠭᠠᠵᠠᠷ ᠳᠡᠯᠡᠭᠡᠢ ᠶᠢᠨ ᠭᠠᠢ ᠵᠤᠪᠠᠯᠠᠩ ᠪᠠ ᠭᠦᠮᠤᠨ ᠡᠵᠡᠨ ᠤ ᠭᠦᠡᠳᠤ ᠳᠠᠷᠤᠯᠠᠯ ᠢ ᠭᠦᠯᠢᠶᠡᠵᠤ ᠶᠠᠳᠠᠨ ᠪᠠᠢ᠌ᠭ᠎ᠠ ᠰᠢᠭ ᠴᠠᠰᠤ ᠳᠡᠭᠡᠭᠡᠭᠢᠯᠡᠨ ᠰᠢᠳᠤ ᠬᠠᠪᠢᠷᠠᠵᠤ ᠵᠤᠭᠰᠤᠨ᠎ᠠ᠃ ᠳᠡᠭ᠍ᠷᠢ ᠶᠢᠨ ᠴᠢᠷᠠᠢ ᠪᠠᠬᠠᠨ ᠪᠦᠷᠭᠦᠭ᠍ᠰᠢᠨ ᠴᠠᠢ᠌ᠪᠣᠷ ᠪᠣᠳᠠᠩ ᠳᠠᠳᠠᠵᠤ ᠪᠠᠢ᠌ᠭᠰᠠᠨ ᠶᠢᠡᠨ ᠰᠠᠯᠭᠢ ᠭᠦᠳᠡᠯᠵᠤ ᠶᠠᠪᠠᠭᠠᠨ ᠰᠢᠭᠤᠷᠭ᠎ᠠ ᠰᠢᠭᠤᠷᠭᠠᠯᠠᠵᠤ ᠦᠪᠣᠩ ᠴᠦᠪᠣᠩ ᠪᠦᠭᠦᠨ ᠢ ᠪᠠᠰᠠᠯᠠ ᠪᠦᠷᠭᠦᠵᠤ ᠡᠭᠢᠯᠡᠯ᠎ᠡ᠃

ᠭᠤᠮᠪᠣ ᠶᠢᠨ ᠭᠢᠨ ᠭᠡᠭᠡᠷᠡᠳᠤ ᠡᠴᠡ ᠰᠠᠯᠵᠤ ᠣᠳᠤᠭ ᠣᠷᠤᠭᠤ ᠪᠠᠨ ᠨᠡᠭᠦᠭᠦ ᠪᠣᠯᠤᠭᠠᠤᠨ ᠠᠴᠢᠶ᠎ᠠ ᠪᠠᠨ ᠠᠴᠢᠶᠠᠯᠠᠨ᠎ᠠ᠃

ᠴᠠᠭᠠᠨ‍ᠴᠡᠴᠡᠭ ᠰᠦᠨᠢᠵᠢᠨ ᠣᠭᠢᠯᠠᠵᠤ ᠶᠤᠤᠯᠠᠭᠠᠤᠨ ᠥᠷᠯᠦᠭᠡ ᠪᠣᠯᠬᠤ ᠦᠶ᠎ᠡ ᠪᠠᠶ᠎ᠠ ᠨᠢ ᠭᠡᠴᠡᠭᠦᠤ ᠳᠠᠮᠢᠷᠳᠠᠵᠤ ᠴᠢᠷᠠᠢ ᠨᠢ ᠴᠠᠢ᠌ᠪᠠᠢ᠌ᠭᠠᠤᠨ᠂ ᠠᠮᠠ ᠨᠢ ᠬᠠᠳᠠᠵᠤ ᠥᠭᠡ ᠳᠠᠭᠤ ᠳᠠᠰᠤᠷᠠᠵᠠᠢ᠃ ᠭᠤᠮᠪᠣ ᠡᠭᠡᠨᠡᠷ ᠲᠡᠶ ᠪᠠᠨ ᠠᠴᠢᠶ᠎ᠠ ᠪᠠᠨ ᠠᠴᠢᠶᠠᠯᠠᠵᠤ ᠪᠠᠷᠠᠭᠠᠤᠨ ᠨᠢᠭᠡ ᠳᠡᠮᠡᠭᠡᠨ ᠳᠡᠭᠡᠨ ᠭᠡᠦᠭᠡᠨ ᠶᠢᠡᠨ ᠰᠠᠭᠤᠯᠭᠠᠵᠤ ᠡᠪᠯᠡᠵᠤ ᠠᠴᠢᠭᠠᠤᠨ᠂ ᠮᠠᠭᠤ ᠰᠠᠢ᠌ᠨ ᠭᠡᠳᠤᠨ ᠮᠠᠯ ᠶᠢᠡᠨ ᠳᠠᠭᠤᠵᠤ ᠭᠠᠷᠤᠯ᠎ᠠ᠃ ᠢᠰᠭᠡᠷᠤᠨ ᠰᠢᠭᠤᠷᠠᠬᠤ ᠰᠠᠯᠭᠢᠨ ᠳᠤ ᠴᠠᠰᠤ ᠭᠡᠢ᠌ᠰᠤᠨ ᠵᠤᠵᠠᠭᠠᠷᠠᠭᠠᠤᠨ ᠡᠨᠡ ᠴᠠᠰᠤᠨ ᠳᠤ ᠦᠷᠢᠰᠴᠤ ᠪᠣᠷᠵᠠᠢ᠌ᠬᠤ ᠰᠢᠷᠠᠯᠵᠢ ᠡᠷᠡᠮ᠎ᠡ ᠶᠢᠨ ᠣᠷᠤᠢ ᠯᠠ ᠠᠮᠢᠳᠤ ᠪᠣᠰᠤᠭ᠎ᠠ ᠶᠠᠪᠣᠬᠤ ᠰᠠᠨ ᠭᠡᠰᠡᠨ ᠰᠢᠭ᠌ ᠭᠤᠳᠣᠢ᠌ᠨ ᠥᠵᠡᠭ᠍ᠳᠡᠭᠦ ᠡᠴᠡ ᠪᠢᠰᠢ ᠥᠭᠡᠷ᠎ᠡ ᠡᠨᠡ ᠴᠠᠰᠤ ᠶᠢ ᠳᠠᠪᠠᠵᠤ ᠭᠠᠷᠤᠭᠰᠠᠨ ᠣᠷᠭᠤᠮᠠᠯ ᠭᠡᠭᠡᠷᠡᠳᠤ ᠳᠤ ᠠᠯᠠᠭ᠎ᠠ ᠭᠡᠮᠡᠷ᠃ ᠴᠢᠰᠤᠨ ᠠᠮᠠᠳᠤ ᠬᠠᠷ᠎ᠠ ᠭᠡᠷᠢᠶ᠎ᠡ ᠡᠳᠡᠨ ᠤ ᠨᠡᠭᠦᠳᠡᠯ ᠢ ᠳᠠᠭᠠᠵᠤ ᠬᠠᠶᠠ ᠬᠠᠶᠠ ᠪᠠᠷᠭᠢᠷᠠᠵᠤ ᠭᠠᠷᠤᠨ᠎ᠠ᠃ ᠡᠭᠦᠨ ᠳᠤ ᠭᠤᠮᠪᠣ ᠶᠢᠨ ᠠᠭᠤᠷ ᠨᠢ ᠭᠦᠷᠴᠤ ᠣᠬᠠᠭ᠎ᠠ ᠨᠢ ᠮᠠᠭᠤᠳᠠᠨ 《ᠮᠠᠭᠤ ᠴᠢᠰᠤ ᠪᠠᠷ ᠣᠷᠤᠰᠤᠭᠰᠠᠨ᠂ ᠬᠤᠳᠠ ᠲᠡᠶ ᠮᠠᠯ ᠢ ᠬᠤᠭᠤᠰᠤᠷᠠᠳᠠᠯ᠎ᠠ ᠨᠢ ᠵᠠᠯᠭᠢᠴᠢᠬᠠᠭᠠᠤᠨ ᠬᠤᠳᠤᠭᠤᠳᠤ ᠨᠢ ᠳᠦᠭᠦᠷᠳᠡᠭ᠌ ᠦᠭᠡᠶ ᠴᠢᠦᠡᠭᠦᠷ ᠤᠨ ᠰᠦᠨᠠᠰᠤ︕ ᠴᠢᠮᠢ᠋ᠢ ᠳ᠋ᠠ》 ᠭᠡᠮᠡᠨ ᠬᠠᠷᠢᠶᠠᠭᠠᠤᠨ᠂ ᠬᠠᠷᠢᠶᠠᠯ ᠳᠠᠭᠠᠨ ᠳᠠᠷᠠ ᠦᠪᠡᠷ ᠶᠢᠡᠨ ᠰᠠᠤᠠᠭᠢᠯ ᠠᠭᠤᠵᠢᠷᠠᠭᠰᠠᠨ ᠰᠢᠭ᠌ ᠪᠣᠯᠵᠤ ᠪᠠᠢ᠌ᠯ᠎ᠠ᠃

ᠠᠷᠤ ᠶᠢᠨ ᠳᠡᠮᠡᠭᠡᠨ ᠤ ᠰᠠᠵᠢᠯᠭᠠᠨ ᠳᠤ ᠭᠡᠦᠭᠡᠨ ᠴᠠᠭᠠᠨ‍ᠴᠡᠴᠡᠭ ᠨᠢ ᠣᠭᠢᠯᠠᠵᠤ ᠶᠤᠤᠯᠠᠬᠤ ᠳᠤ ᠭᠤᠮᠪᠣ ᠶᠢᠨ ᠰᠠᠤᠠᠭᠢᠯ ᠨᠠᠩ ᠴᠤ ᠭᠦᠡᠳᠦᠰᠢᠷᠡᠵᠤ ᠵᠤᠪᠠᠨ᠎ᠠ᠃ 《ᠮᠠᠯ ᠮᠠᠯ ᠭᠡᠤᠨ ᠮᠠᠨᠠᠢ᠌ᠭᠢᠨ ᠢᠩᠭᠢᠵᠤ ᠥᠵᠡᠳᠡᠭ᠌ ᠦᠭᠡᠶ ᠪᠠᠨ ᠦᠵᠡᠵᠤ ᠣᠢ᠌ᠯᠠ ᠳᠠᠮᠤ ᠪᠠᠨ ᠠᠮᠰᠠᠯ᠎ᠠ᠃ ᠨᠠᠩ ᠴᠤ ᠭᠠᠭᠴᠠ ᠭᠡᠦᠭᠡᠨ ᠶᠢᠡᠨ ᠭᠠᠢ ᠵᠤᠪᠠᠯᠠᠩ ᠳᠤ ᠣᠴᠠᠷᠠᠭᠤᠯᠤᠯ᠎ᠠ᠃ ᠦᠨᠡᠨ ᠢ ᠭᠡᠯᠡᠭᠦ ᠳᠤ ᠮᠠᠭᠤ ᠭᠡᠦᠭᠡᠨ ᠮᠢᠨᠢ ᠠᠯᠢ ᠭᠡᠵᠢᠶᠡᠨᠢ ᠦᠶ᠎ᠡ ᠬᠤᠷᠠᠭ ᠤᠨ ᠭᠦᠮᠦᠰ ᠲᠡᠶ ᠪᠠᠨ ᠠᠳᠠᠯᠢ ᠣᠷᠤᠭ ᠬᠤᠯᠪᠣᠵᠤ ᠭᠡᠷ ᠡᠷᠦᠭᠡ ᠪᠣᠰᠬᠠᠬᠤ ᠪᠠᠢ᠌ᠭᠰᠠᠨ᠃ ᠭᠡᠳᠡᠯ᠎ᠡ ᠮᠢᠨᠤ ᠡᠨᠡ ᠬᠠᠷ᠎ᠠ ᠳᠠᠷᠢᠭᠢ ᠭᠡᠵᠤ ᠢᠯᠡᠭᠦᠤ ᠳᠤᠯᠢᠶᠠᠬᠤ ᠭᠡᠵᠤ ᠶᠠᠪᠣᠭᠰᠠᠭᠠᠷ ᠴᠢᠯᠠᠭᠤ ᠳᠤᠯᠢᠶᠠᠵᠤ ᠡᠨᠡ ᠠᠢ᠌ᠯ ᠤᠨ ᠠᠯᠢᠪᠠ ᠶᠢ ᠪᠦᠷ ᠬᠤᠭᠤᠰᠤᠷᠠᠭᠤᠯᠤᠯ᠎ᠠ᠃ ᠳᠠᠭᠢᠷ ᠵᠡᠮᠳᠡᠭ᠌ ᠭᠡᠦᠭᠡᠨ ᠢ ᠮᠢᠨᠢ ᠣᠳᠤ ᠭᠡᠨ ᠬᠠᠯᠢᠶᠠᠬᠤ ᠪᠢᠯᠠ》 ᠭᠡᠵᠤ ᠪᠠᠶ᠎ᠠ ᠳᠡᠭᠡᠨ ᠬᠤᠷᠤᠰᠤᠨ ᠭᠤᠮᠤᠳᠠᠵᠤ ᠶᠠᠪᠣᠬᠤ ᠳᠤ 《ᠮᠠᠯᠴᠢᠨ ᠭᠦᠮᠤᠨ ᠮᠠᠯ ᠤᠨ ᠶᠢᠡᠨ ᠳᠦᠯᠦᠭᠡ ᠥᠷᠡᠭ᠍ᠳᠡᠭᠦ ᠨᠢ ᠦᠨᠡᠳᠠᠢ ᠪᠠᠢ᠌ᠵᠤ ᠮᠠᠳᠠᠨ᠎ᠠ》 ᠭᠡᠭᠦ ᠪᠣᠳᠤᠯ ᠪᠠᠰᠠ ᠪᠠᠶ᠎ᠠ ᠶᠢ ᠨᠢ ᠣᠷᠢᠶᠠᠵᠤ ᠢᠷᠠᠨ᠎ᠠ᠃ ᠭᠡᠰᠡᠭ᠌ ᠶᠠᠪᠣᠭᠠᠤᠨ ᠳᠤᠬᠤᠯᠭ᠎ᠠ ᠨᠢ ᠨᠢᠮᠭᠡᠳᠪᠡ ᠪᠣᠯᠤᠯᠳᠠᠢ ᠭᠤᠮᠪᠣ ᠮᠤᠷᠢᠨ ᠡᠴᠡ ᠪᠠᠨ ᠪᠠᠭᠤᠵᠤ ᠶᠠᠪᠣᠨ᠎ᠠ᠃ ᠴᠥᠭᠡᠪᠳᠦᠷ ᠪᠣᠯᠪᠠᠴᠤ ᠳᠦᠭᠦᠷᠡᠩ ᠴᠠᠭᠠᠨ ᠬᠤᠳᠠ ᠲᠡᠶ ᠮᠠᠯ ᠶᠢᠡᠨ ᠳᠠᠭᠤᠵᠤ ᠢᠷᠡᠭ᠍ᠰᠡᠨ ᠶᠢᠡᠨ ᠪᠣᠳᠤᠬᠤ ᠳᠤ ᠨᠢᠳᠤ ᠨᠢ ᠵᠠᠢ᠌ᠷᠳᠤᠨ ᠵᠠᠮ ᠶᠢᠡᠨ ᠣᠯᠵᠤ ᠶᠠᠳᠠᠨ᠎ᠠ᠃

ᠪᠢᠳᠠ ᠪᠣᠴᠠᠵᠤ ᠭᠦᠷᠭᠦ ᠳᠤ ᠬᠤᠵᠢᠷᠳᠤ ᠴᠢᠨᠢ ᠬᠠᠭᠤᠴᠢᠨ ᠭᠡᠪ ᠶᠢᠡᠷ ᠶᠢᠡᠨ ᠪᠠᠢ᠌ᠬᠤ ᠪᠢᠵᠠ︖ ᠣᠳᠤ ᠡᠨᠡ ᠶᠠᠩᠵᠤ ᠪᠠᠷ ᠶᠠᠭᠠᠭᠢᠵᠤ ᠭᠦᠮᠤᠨ ᠤ ᠨᠢᠭᠤᠷ ᠢ ᠬᠠᠷᠠᠵᠤ ᠭᠦᠷᠭᠦ ᠪᠢᠯᠠ ᠳ᠋ᠧ︕ ᠭᠡᠵᠤ ᠳᠤᠯᠮ᠎ᠠ ᠲᠤᠩ ᠴᠤ ᠵᠤᠪᠠᠭᠤᠷᠢᠳᠠᠢ ᠴᠢᠷᠠᠢ᠌ᠯᠠᠵᠤ ᠭᠡᠦᠭᠡᠨ ᠤ ᠪᠠᠨ ᠮᠤᠷᠢ ᠶᠢ ᠭᠦᠳᠦᠯᠤᠨ ᠴᠠᠰᠤᠨ ᠳᠤ ᠳᠠᠯᠳᠢᠷᠠᠬᠤ ᠪᠦᠮᠪᠦᠯᠵᠡᠭᠦ ᠭᠡᠳᠤᠨ ᠴᠠᠭᠠᠨ ᠬᠤᠨᠢ ᠪᠠᠨ ᠳᠠᠭᠤᠵᠤ ᠶᠠᠪᠣᠨ᠎ᠠ᠃ ᠳᠡᠭᠡᠳᠡᠯ᠎ᠡ ᠭᠤᠮᠪᠣ᠄

— ᠪᠣᠳᠤᠪᠠᠯ ᠬᠤᠵᠢᠷᠳᠤ ᠶᠢ ᠥᠭᠡᠷ᠎ᠡ ᠭᠦᠮᠤᠨ ᠳᠤ ᠦᠨᠡᠯᠠᠵᠤ ᠦᠭ‍ᠭᠦᠭ᠍ᠰᠡᠨ ᠦᠭᠡᠶ ᠪᠠᠢ᠌ᠵᠤ ᠮᠠᠳᠠᠨ᠎ᠠ᠃ ᠶᠠᠮᠠᠷ ᠪᠠᠢ᠌ᠯ᠎ᠠ ᠭᠡᠤᠨ ᠪᠢᠳᠠ ᠪᠣᠴᠠᠵᠤ ᠭᠦᠷᠭᠦ ᠡᠴᠡ ᠪᠢᠰᠢ ᠥᠭᠡᠷ᠎ᠡ ᠠᠷᠭ᠎ᠠ ᠵᠠᠮ ᠦᠭᠡᠶ ᠪᠣᠯᠵᠠᠢ᠃ ᠭᠠᠮᠰᠢᠭ ᠵᠤᠳ ᠭᠠᠢ ᠵᠤᠪᠠᠯᠠᠩ ᠳᠤ ᠣᠴᠠᠷᠠᠭᠰᠠᠨ ᠮᠠᠨ ᠢ ᠭᠤᠷᠪᠠᠨ ᠣᠪᠣᠭ᠎ᠠ ᠮᠢᠨᠢ ᠥᠷᠦᠰᠢᠶᠡᠳᠡᠭ᠌ ᠴᠤ ᠪᠣᠯᠪᠠ ᠦᠦ ᠭᠡᠯ᠎ᠡ᠃

ᠭᠤᠮᠪᠣ ᠶᠢᠨ ᠭᠢᠨ ᠢᠩᠭᠢᠵᠤ ᠭᠡᠭᠡᠷᠡᠳᠤ ᠡᠴᠡ ᠰᠠᠯᠵᠤ ᠨᠢᠳᠤ ᠨᠢᠭᠤᠷ ᠦᠭᠡᠶ ᠳᠤᠳᠠᠭᠠᠭᠰᠠᠨ ᠨᠢᠴᠦᠭᠦᠨ ᠭᠡᠳᠤᠨ ᠥᠭᠡᠷ ᠤᠨ ᠶᠢᠡᠨ ᠮᠦᠷ ᠢ ᠲᠠᠭᠠᠨ ᠣᠷᠤᠭᠤᠳᠠᠵᠤ ᠶᠠᠪᠣᠬᠤ ᠳᠤ ᠴᠠᠰᠤ ᠨᠢᠮᠭᠡᠷᠡᠨ ᠰᠢᠭᠤᠷᠭ᠎ᠠ ᠬᠤᠷᠢᠶᠠᠭᠳᠠᠵᠤ᠂ ᠳᠠᠰ ᠭᠡᠷᠢᠶ᠎ᠡ ᠶᠢᠨ ᠳᠠᠭᠤᠨ ᠴᠤ ᠴᠥᠭᠡᠷᠡᠵᠤ ᠪᠠᠢ᠌ᠯ᠎ᠠ᠃ ᠡᠨᠡ ᠦᠶ᠎ᠡ ᠳᠡᠷᠳᠡᠭᠡ ᠡᠴᠡ ᠨᠢᠭᠡ ᠪᠠᠷᠠᠭᠠᠨ ᠵᠢᠰᠤᠮ ᠤᠨ ᠣᠨᠤᠭᠠᠳᠠᠢ ᠭᠦᠮᠤᠨ ᠢᠷᠠᠵᠤ ᠶᠠᠪᠣᠭ᠎ᠠ ᠬᠠᠷᠠᠭᠳᠠᠯ᠎ᠠ᠃ ᠡᠨᠡ ᠨᠢ ᠪᠠᠶᠠᠷ ᠤᠨ ᠭᠦᠤ ᠪᠠᠳᠤ ᠮᠦᠨ ᠪᠠᠢ᠌ᠬ᠎ᠠ ᠭᠡᠵᠤ ᠴᠠᠭᠠᠨ‍ᠴᠡᠴᠡᠭ ᠪᠣᠳᠤᠭᠠᠤᠨ ᠪᠠᠶᠠᠷᠯᠠᠵᠤ ᠶᠠᠪᠣᠭᠰᠠᠨ ᠪᠣᠯᠪᠠᠴᠤ ᠪᠠᠰᠠ ᠯᠠ ᠡᠷᠭᠡ ᠦᠭᠡᠶ ᠶᠤᠤᠯᠠᠭᠠᠤᠨ ᠡᠭᠢᠯᠡᠵᠤ ᠪᠢᠯᠠ᠃


(《ᠴᠡᠴᠡᠭ᠍ᠳᠤ ᠴᠠᠢ᠌ᠳᠠᠮ》 1998 ᠣᠨ ᠤ 1 ᠳ᠋ᠦᠭᠡᠷ ᠬᠤᠭᠤᠴᠠᠭ᠎ᠠ)


ᠵᠤᠬᠢᠶᠠᠭᠴᠢ᠄ ᠪᠠ᠊·ᠪᠠᠯᠮᠠᠳᠤᠷᠵᠢ
ᠢᠷᠡᠯᠲᠡ᠄ ᠨᠡᠷᠡᠡᠴᠡᠴᠡᠭ᠌
ᠬᠠᠷᠢᠶ᠎ᠠ᠄ ᠥᠭᠥᠯᠡᠯᠭᠡ
ᠳᠠᠷᠤᠮ᠄ 9222
ᠴᠠᠭ᠄ 2006 ᠤᠨ ᠤ 07 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ