ᠨᠡᠪᠲᠡᠷᠡᠨ ᠤᠷᠤᠬᠤ
ᠳᠠᠷᠭᠤᠨ ᠴᠠᠭᠠᠨ ᠣᠬᠤᠨ᠎ᠠ ᠲᠡᠶ ᠡᠪᠦᠭᠡᠨ ᠡᠮᠡᠭᠡᠨ ᠬᠤᠶᠠᠷ
ᠠᠷᠠᠳ ᠤᠨ ᠠᠮᠠᠨ ᠵᠤᠬᠢᠶᠠᠯ

ᠡᠷᠳᠡ ᠣᠷᠢᠳᠠ ᠴᠠᠭ ᠲᠤ ᠡᠪᠦᠭᠡᠨ ᠡᠮᠡᠭᠡᠨ ᠬᠤᠶᠠᠷ ᠠᠵᠤ ᠳᠦᠷᠤᠨ ᠠᠮᠢᠳᠤᠷᠠᠵᠤ ᠪᠠᠢ᠌ᠵᠤ ᠭᠡᠨ᠎ᠡ᠃

ᠪᠣᠭᠳᠠ ᠠᠭᠤᠯᠠ ᠶᠢᠨ ᠡᠩᠭᠡᠷ ᠲᠤ᠂ ᠪᠣᠯᠠᠭ ᠮᠦᠷᠠᠨ ᠤ ᠵᠠᠬ᠎ᠠ ᠳᠡᠭᠡᠷ᠎ᠡ᠂ ᠪᠣᠭᠤᠷᠠᠯ ᠠᠪᠣ ᠡᠵᠢ ᠶᠢᠨ ᠶᠢᠡᠨ ᠰᠠᠭᠤᠵᠤ ᠪᠠᠢ᠌ᠭᠰᠠᠨ ᠨᠤᠳᠤᠭ ᠳᠡᠭᠡᠷ᠎ᠡ ᠥᠡᠳᠡᠭᠡᠨ ᠴᠠᠭᠠᠨ ᠭᠡᠷ ᠲᠡᠶ᠂ ᠳᠠᠷᠭᠤᠨ ᠴᠠᠭᠠᠨ ᠣᠬᠤᠨ᠎ᠠ ᠲᠡᠶ᠂ ᠳᠤᠯᠤᠭᠠᠨ ᠡᠮ᠎ᠡ ᠢᠮᠠᠭ᠎ᠠ ᠲᠡᠶ᠂ ᠠᠢ᠌ᠯ ᠭᠡᠷ ᠶᠢᠡᠷ ᠶᠢᠡᠨ ᠠᠮᠢᠳᠤᠷᠠᠵᠤ᠂ ᠠᠵᠤ ᠳᠦᠷᠤᠨ ᠰᠠᠭᠤᠬᠤ ᠳᠠᠭᠠᠨ ᠣᠨ ᠢᠷᠡᠭᠦ ᠳᠤᠳᠤᠮ ᠣᠯᠠᠰᠢᠷᠠᠭᠤᠯᠵᠤ᠂ ᠵᠢᠯ ᠢᠷᠡᠭᠦ ᠳᠤᠳᠤᠮ ᠳᠡᠭᠡᠭ᠍ᠰᠢᠯᠡᠭᠦᠯᠵᠤ ᠪᠠᠢ᠌ᠳᠠᠭ ᠭᠡᠨ᠎ᠡ᠃

ᠡᠪᠦᠭᠡᠨ ᠡᠳᠦᠷ ᠪᠦᠷᠢ ᠢᠮᠠᠭ᠎ᠠ ᠪᠠᠨ ᠬᠠᠷᠢᠭᠤᠯᠵᠤ ᠶᠠᠪᠣᠬᠤ ᠳᠠᠭᠠᠨ ᠪᠣᠭᠳᠠ ᠠᠭᠤᠯᠠ ᠶᠢᠨ ᠡᠩᠭᠡᠷ᠂ ᠪᠣᠯᠠᠭ ᠮᠦᠷᠠᠨ ᠤ ᠵᠠᠬ᠎ᠠ ᠪᠠᠷ ᠰᠤᠷᠭᠤᠭ ᠰᠠᠢ᠌ᠬᠠᠨ ᠪᠠᠯᠴᠢᠭᠡᠷ ᠲᠡᠶ᠂ ᠳᠤᠩᠭ᠋ᠠᠯᠠᠭ ᠰᠠᠢ᠌ᠬᠠᠨ ᠣᠰᠤ ᠲᠡᠶ᠂ ᠠᠪᠣ ᠳᠡᠭᠡᠳᠦᠰ ᠤᠨ ᠨᠤᠳᠤᠭ ᠭᠡᠵᠤ ᠰᠡᠳᠭᠢᠯ ᠳᠤᠳᠤᠷ᠎ᠠ ᠪᠠᠨ ᠪᠠᠬᠠᠷᠴᠤ ᠭᠡᠯᠡᠳᠡᠭ᠌ ᠨᠢ᠄ 《ᠠᠭᠤᠯᠠ ᠶᠢ ᠪᠦᠷᠢᠨ ᠴᠢᠮᠡᠭᠯᠡᠭ᠍ᠰᠡᠨ ᠠᠭᠠᠷᠤ ᠽᠠᠠᠳᠠᠨ ᠮᠤᠳᠤ ᠲᠡᠶ᠂ ᠠᠭᠤᠵᠢᠮ ᠳᠠᠯ᠎ᠠ ᠳ᠋ᠤᠨᠢ ᠣᠷᠭᠤᠭᠰᠠᠨ ᠠᠳᠠᠷ ᠰᠠᠢ᠌ᠬᠠᠨ ᠪᠠᠯᠴᠢᠭᠡᠷ ᠲᠡᠶ᠂ ᠠᠷᠠᠯ᠂ ᠭᠤᠤᠯ ᠤᠨ ᠭᠦᠪᠠᠭᠡ ᠳ᠋ᠤᠨᠢ ᠠᠷᠪᠠᠨ ᠥᠩᠭᠡ ᠶᠢᠨ ᠴᠡᠴᠡᠭ᠌ ᠳᠡᠯᠭᠡᠷᠡᠭ᠍ᠰᠡᠨ᠂ ᠠᠯᠤᠰ ᠬᠤᠯᠠ ᠶᠢᠨ ᠳᠦᠷᠪᠠᠨ ᠵᠥᠭ᠌ ᠲᠤ ᠴᠡᠩᠭᠡᠷ ᠵᠡᠷᠭᠡᠯᠭᠡᠨ ᠳᠠᠳᠠᠵᠤ᠂ ᠵᠤᠨ ᠤ ᠳᠦᠷᠪᠠᠨ ᠰᠠᠷ᠎ᠠ ᠪᠣᠯᠬᠤ ᠳᠤ ᠵᠢᠭᠦᠷᠳᠡᠨ ᠰᠢᠪᠠᠭᠤᠳ ᠵᠢᠷᠭᠢᠯᠳᠤᠨ ᠴᠢᠭᠢᠨ ᠤ ᠴᠢᠮᠡᠭ᠌ ᠪᠣᠯᠳᠠᠭ》 ᠭᠡᠵᠤ᠂ ᠠᠭᠤᠯᠠ ᠣᠷᠤᠨ ᠶᠢᠡᠨ ᠮᠠᠭᠳᠠᠵᠤ᠂ ᠵᠤᠨ ᠤ ᠣᠯᠠᠷᠢᠯ ᠢ ᠣᠭᠳᠤᠵᠤ᠂ ᠡᠪᠦᠭᠡᠨ ᠰᠡᠳᠭᠢᠯ ᠳᠦᠭᠦᠷᠡᠩ ᠪᠠᠶᠠᠷᠳᠠᠢ ᠶᠠᠪᠣᠳᠠᠭ ᠪᠠᠢ᠌ᠨ᠎ᠠ᠃ ᠡᠮᠡᠭᠡᠨ ᠡᠳᠦᠷ ᠪᠦᠷᠢ ᠭᠡᠷ ᠲᠡᠭᠡᠨ ᠰᠥ᠋ ᠰᠠᠭᠠᠯᠢ ᠪᠠᠨ ᠰᠠᠭᠠᠵᠤ᠂ ᠬᠤᠷᠤᠳ ᠦᠷᠤᠮ᠎ᠠ ᠪᠠᠨ ᠭᠠᠷᠭᠠᠵᠤ᠂ ᠣᠯᠠᠭᠠᠨ ᠴᠠᠢ ᠪᠠᠨ ᠴᠢᠨᠠᠵᠤ᠂ ᠠᠢ᠌ᠯ ᠭᠡᠷ ᠶᠢᠡᠨ ᠠᠯᠳᠠᠷᠠᠭᠤᠯᠬᠤ ᠦᠭᠡᠶ᠂ ᠠᠮᠢᠳᠤᠷᠠᠯᠭ᠎ᠠ ᠪᠠᠨ ᠭᠡᠯᠳᠡᠢ᠌ᠯᠭᠡᠭᠦ ᠦᠭᠡᠶ ᠭᠡᠳᠡᠭ᠌ ᠭᠡᠨ᠎ᠡ᠃

ᠵᠠ   ᠨᠢᠭᠡᠨ ᠡᠳᠦᠷ ᠡᠪᠦᠭᠡᠨ ᠢᠮᠠᠭ᠎ᠠ ᠪᠠᠨ ᠬᠠᠷᠢᠭᠤᠯᠵᠤ ᠠᠭᠤᠯᠠᠨ ᠳᠤ ᠶᠠᠪᠣᠵᠤ ᠪᠠᠢ᠌ᠳᠠᠯ᠎ᠠ᠂ ᠭᠡᠨᠡᠳᠲᠡ ᠵᠡᠭᠦᠨ ᠡᠴᠡ ᠬᠠᠷ᠎ᠠ ᠡᠭᠦᠯᠡ ᠳᠡᠭ᠍ᠳᠡᠵᠤ᠂ ᠬᠠᠷᠠᠩᠭ᠋ᠤᠢ ᠰᠠᠯᠭᠢᠨ ᠭᠠᠷᠴᠤ᠂ ᠪᠣᠷᠤᠭᠠᠨ ᠣᠷᠤᠬᠤ ᠰᠢᠭ ᠪᠣᠯᠪᠠ᠃ ᠡᠪᠦᠭᠡᠨ ᠰᠠᠠᠳᠤᠷᠴᠤ᠂ ᠢᠮᠠᠭ᠎ᠠ ᠪᠠᠨ ᠭᠦᠭᠡᠭᠡᠵᠤ ᠠᠭᠤᠯᠠ ᠶᠢᠨ ᠡᠩᠭᠡᠷ ᠨᠦᠮᠦᠷᠢ ᠲᠡᠶ ᠭᠠᠵᠠᠷ ᠣᠷᠤᠪᠠ᠃ ᠣᠷᠭᠤᠮᠠᠯ ᠮᠤᠳᠤᠨ ᠭᠣᠢ᠌ᠪᠠᠯᠵᠠᠭᠰᠠᠨ᠂ ᠬᠤᠭ ᠰᠢᠷᠤᠢ ᠳᠡᠭ᠍ᠳᠡᠭ᠍ᠰᠡᠨ ᠬᠠᠷᠠᠩᠭ᠋ᠤᠢ ᠳᠤᠭᠤᠰᠤᠨ ᠤ ᠳᠤᠮᠳᠠ᠂ ᠭᠡᠨᠡᠳᠲᠡ ᠡᠪᠦᠭᠡᠨ ᠤ ᠵᠡᠭᠦᠨ ᠨᠢᠳᠤᠨ ᠳᠤ ᠨᠢᠭᠡᠨ ᠪᠠᠭ᠎ᠠ ᠶᠠᠭᠤᠮ᠎ᠠ ᠭᠡᠢ᠌ᠰᠴᠤ ᠣᠷᠤᠭᠰᠠᠨ ᠳᠤ᠂ ᠭᠠᠢ ᠲᠡᠶ ᠰᠠᠯᠭᠢᠨ ᠭᠠᠢ ᠪᠣᠯᠪᠠ᠂ ᠳᠣᠢ᠌ᠤᠨ ᠲᠡᠶ ᠰᠠᠯᠭᠢᠨ ᠳᠣᠢ᠌ᠤᠨ ᠪᠣᠯᠪᠠ ᠭᠡᠵᠤ ᠠᠭᠤᠷ ᠭᠦᠷᠴᠤ ᠪᠠᠢ᠌ᠳᠠᠯ᠎ᠠ ᠰᠠᠯᠭᠢᠨ ᠵᠤᠭᠰᠤᠵᠤ ᠶᠡᠭᠡ ᠰᠢᠷᠦᠭᠦᠨ ᠪᠣᠷᠤᠭᠠᠨ ᠣᠷᠤᠭᠰᠠᠨ ᠳᠤ ᠡᠪᠦᠭᠡᠨ ᠨᠤᠷᠬᠤ ᠡᠴᠡ ᠠᠶᠤᠭᠠᠤᠨ᠂ ᠳᠠᠷᠭᠤᠨ ᠴᠠᠭᠠᠨ ᠣᠬᠤᠨ᠎ᠠ ᠶᠢᠨ ᠰᠠᠬᠠᠯ ᠤᠨ ᠳᠤᠤᠷ᠎ᠠ ᠰᠠᠭᠤᠭᠠᠤᠨ ᠪᠣᠷᠤᠭᠠᠨ ᠳᠤ ᠨᠢᠭᠡᠴᠤ ᠨᠤᠷᠤᠭᠰᠠᠨ ᠦᠭᠡᠶ ᠭᠡᠨ᠎ᠡ᠃

ᠪᠣᠷᠤᠭᠠᠨ ᠠᠷᠢᠯᠤᠭᠰᠠᠨ ᠤ ᠳᠠᠷᠠᠭ᠎ᠠ᠂ ᠢᠮᠠᠭ᠎ᠠ ᠪᠠᠨ ᠭᠦᠭᠡᠭᠡᠵᠤ ᠭᠡᠷ ᠲᠡᠭᠡᠨ ᠭᠦᠷᠦᠭ᠍ᠰᠡᠨ ᠤ ᠬᠣᠢ᠌ᠨ᠎ᠠ᠂ ᠡᠮᠡᠭᠡᠨ ᠤ ᠪᠡᠯᠡᠳᠭᠡᠭ᠍ᠰᠡᠨ ᠣᠯᠠᠭᠠᠨ ᠴᠠᠢ ᠶᠢ ᠣᠤᠭᠤᠭᠰᠠᠭᠠᠷ ᠡᠮᠡᠭᠡᠨ ᠳᠡᠭᠡᠨ ᠭᠡᠯᠡᠭ᠍ᠰᠡᠨ ᠨᠢ᠄ 《ᠡᠨᠡ ᠡᠳᠦᠷ ᠶᠡᠭᠡ ᠰᠠᠯᠭᠢᠨ ᠭᠠᠷᠴᠤ᠂ ᠠᠭᠤᠯᠠᠨ ᠤ ᠬᠤᠭ ᠰᠢᠷᠤᠢ ᠭᠦᠳᠡᠯᠦᠭᠡᠳ ᠮᠢᠨᠤ ᠵᠡᠭᠦᠨ ᠨᠢᠳᠤᠨ ᠳᠤ ᠨᠢᠭᠡᠨ ᠪᠠᠭ᠎ᠠ ᠶᠠᠭᠤᠮ᠎ᠠ ᠣᠷᠤᠴᠢᠬᠠᠪᠠ》 ᠭᠡᠰᠡᠨ ᠳᠤ ᠡᠮᠡᠭᠡᠨ ᠨᠢ ᠠᠪᠴᠤ ᠦᠭ‍ᠭᠦᠶ᠎ᠡ ᠭᠡᠪᠡ᠃ ᠡᠮᠡᠭᠡᠨ ᠨᠢ ᠥᠵᠡᠭᠡᠳ᠂ ᠪᠠᠭ᠎ᠠ ᠣᠩᠭ᠋ᠤᠴᠠ ᠳᠤ ᠰᠠᠭᠤᠭᠠᠤᠨ ᠬᠠᠭᠠᠰ ᠴᠠᠭ ᠪᠣᠯᠵᠤ᠂ ᠡᠪᠦᠭᠡᠨ ᠤ ᠨᠢᠳᠤᠨ ᠡᠴᠡ ᠨᠢᠭᠡᠨ ᠥᠭᠡᠷ ᠤᠨ ᠳᠠᠯᠤᠨ ᠤ ᠶᠠᠰᠤ ᠶᠢ ᠠᠷᠠᠢ ᠴᠢᠷᠠᠢ ᠠᠪᠴᠤ ᠭᠠᠷᠭᠠᠵᠠᠢ᠃

ᠲ᠋ᠠᠷᠠ ᠦᠶ᠎ᠡ ᠳᠤ ᠡᠪᠦᠭᠡᠨ ᠤ ᠨᠢᠳᠤ ᠡᠪᠠᠦᠡᠭᠦ ᠦᠭᠡᠶ ᠪᠣᠯᠵᠤ᠂ ᠡᠪᠦᠭᠡᠨ ᠪᠦᠳᠦᠭᠦᠨ ᠭᠦᠷᠡᠩ ᠪᠣᠬ᠎ᠠ ᠪᠠᠷ ᠶᠢᠡᠨ ᠳᠠᠯᠤᠨ ᠤ ᠶᠠᠰᠤ ᠶᠢ ᠴᠢᠷᠦᠭᠦᠯᠵᠤ ᠭᠡᠷ ᠡᠴᠡ ᠪᠠᠨ ᠡᠮᠦᠨ᠎ᠡ ᠠᠪᠠᠴᠢᠭᠠᠤᠨ ᠬᠠᠶᠠᠭᠰᠠᠨ ᠭᠡᠨ᠎ᠡ᠃

ᠨᠢᠭᠡᠨ ᠡᠳᠦᠷ ᠨᠢᠭᠡ ᠬᠠᠷ᠎ᠠ ᠭᠡᠷᠢᠶ᠎ᠡ ᠨᠢᠰᠴᠤ ᠢᠷᠡᠭᠡᠳ ᠳᠠᠷᠠ ᠳᠠᠯᠤᠨ ᠤ ᠶᠠᠰᠤ ᠶᠢ ᠵᠠᠭᠤᠵᠤ ᠠᠪᠠᠴᠢᠭᠠᠤᠨ ᠨᠠᠯᠢᠶᠠᠤᠨ ᠵᠠᠢ᠌ᠳᠠᠢ ᠬᠠᠶᠠᠴᠢᠬᠠᠵᠠᠢ ᠭᠡᠨ᠎ᠡ᠃

ᠡᠭᠦᠨ ᠡᠴᠡ ᠬᠣᠢ᠌ᠰᠢ ᠭᠡᠳᠤᠨ ᠵᠢᠯ ᠪᠣᠯᠵᠤ᠂ ᠬᠤᠭ ᠰᠢᠷᠤᠢ ᠴᠤᠭᠯᠠᠭᠰᠠᠭᠠᠷ ᠨᠢᠭᠡᠨ ᠪᠠᠭ᠎ᠠ ᠳᠤᠪᠣ ᠪᠣᠯᠵᠠᠢ᠃

ᠵᠠ   ᠨᠢᠭᠡᠨ ᠡᠳᠦᠷ ᠵᠡᠭᠦᠨ ᠭᠤᠷᠪᠠᠨ ᠵᠥᠭ᠌ ᠡᠴᠡ ᠵᠥᠭ᠌ ᠮᠠᠭᠤ ᠶᠢᠨ ᠣᠷᠤᠨ ᠡᠴᠡ ᠣᠩᠬᠤᠯ ᠴᠤᠩᠬᠤᠯ ᠭᠠᠵᠠᠷ ᠡᠴᠡ ᠠᠷᠪᠠᠨ ᠬᠤᠶᠠᠷ ᠳᠤᠯᠤᠭᠠᠢ ᠲᠡᠶ ᠠᠳᠤᠭᠠᠷ ᠬᠠᠷ᠎ᠠ ᠮᠠᠩᠭ᠋ᠤᠰ ᠢᠷᠠᠨ᠎ᠠ ᠭᠡᠵᠤ ᠰᠤᠨᠤᠰᠳᠠᠪᠠ ᠭᠡᠨ᠎ᠡ᠃

ᠭᠡᠳᠤᠨ ᠡᠳᠦᠷ ᠪᠣᠯᠤᠭᠰᠠᠨ ᠳᠤ ᠨᠢᠭᠡᠨ ᠡᠳᠦᠷ ᠰᠠᠷ ᠰᠠᠷ ᠰᠠᠯᠭᠢᠯᠠᠭᠰᠠᠭᠠᠷ᠂ ᠰᠢᠷᠦᠭᠦᠨ ᠪᠣᠷᠤᠭᠠᠨ ᠣᠷᠤᠭᠰᠠᠭᠠᠷ᠂ ᠥᠮᠡᠭᠡᠢ ᠰᠥᠮᠡᠭᠡᠢ ᠥᠨᠦᠷᠳᠦᠭ᠍ᠰᠡᠭᠡᠷ᠂ ᠦᠵᠡᠯ ᠮᠠᠭᠤ ᠲᠡᠶ ᠠᠮᠢᠳᠠᠨ ᠨᠤᠭᠤᠳ ᠨᠠᠷᠢᠨ ᠵᠠᠮ ᠶᠢᠡᠷ ᠴᠤᠪᠣᠷᠠᠵᠤ ᠶᠠᠭ ᠳᠠᠷᠠ ᠳᠠᠯᠤᠨ ᠶᠠᠰᠤᠨ ᠳᠤᠪᠣ ᠳᠡᠭᠡᠷ᠎ᠡ ᠴᠠᠴᠠᠷ ᠮᠠᠢ᠌ᠬᠠᠨ ᠪᠣᠰᠬᠠᠵᠤ ᠳᠠᠯᠪᠢᠭᠠᠤᠨ ᠴᠡᠷᠢᠭ᠌ ᠪᠠᠭᠤᠪᠠ᠃

ᠭᠦᠭ᠍ᠰᠢᠨ ᠵᠠᠯᠠᠭᠤ ᠭᠡᠯᠡᠯᠴᠡᠭᠡᠨ ᠪᠣᠯᠵᠤ᠂ ᠬᠤᠳᠠᠨ ᠤ ᠨᠤᠬᠠᠢ ᠬᠤᠷᠭᠤᠳᠠᠵᠤ ᠪᠠᠢ᠌ᠳᠠᠯ᠎ᠠ ᠳᠠᠷᠭᠤᠨ ᠴᠠᠭᠠᠨ ᠣᠬᠤᠨ᠎ᠠ ᠲᠡᠶ ᠡᠪᠦᠭᠡᠨ ᠡᠮᠡᠭᠡᠨ ᠬᠤᠶᠠᠷ ᠤᠨ ᠬᠤᠳᠠᠴᠢ ᠰᠢᠷ᠎ᠠ ᠨᠤᠬᠠᠢ ᠨᠢ ᠰᠢᠭᠤᠳ ᠰᠢᠩᠰᠢᠨ ᠶᠠᠪᠣᠭᠰᠠᠭᠠᠷ ᠳᠠᠯᠤᠨ ᠳᠤᠪᠣᠭ ᠢ ᠳᠤᠭᠤᠷᠢᠨ ᠶᠠᠪᠣᠵᠤ ᠪᠠᠢ᠌ᠳᠠᠯ᠎ᠠ ᠬᠤᠭ ᠰᠢᠷᠤᠢ ᠳᠤ ᠳᠠᠷᠤᠭᠳᠠᠭᠰᠠᠨ ᠳᠠᠯᠤᠨ ᠶᠠᠰᠤᠨ ᠤ ᠨᠢᠭᠡᠨ ᠥᠡᠴᠦᠭ᠌ ᠥᠵᠡᠭ᠍ᠳᠡᠭ᠍ᠰᠡᠨ ᠳᠤ ᠳᠠᠷᠠ ᠶᠠᠰᠤᠨ ᠤ ᠥᠡᠴᠦᠭ᠌ ᠢ ᠰᠢᠷ᠎ᠠ ᠨᠤᠬᠠᠢ ᠵᠠᠭᠤᠭᠠᠤᠨ ᠭᠦᠴᠤᠨ ᠶᠢᠡᠷ ᠶᠢᠡᠨ ᠳᠠᠳᠠᠭᠰᠠᠨ ᠳᠤ ᠳᠠᠷᠠ ᠪᠠᠭ᠎ᠠ ᠳᠤᠪᠣ ᠰᠠᠭᠤᠷᠢ ᠪᠠᠷ ᠶᠢᠡᠨ ᠳᠠᠢ᠌ᠪᠠᠯᠵᠠᠨ ᠭᠦᠳᠡᠯᠦᠭ᠍ᠰᠡᠨ ᠭᠡᠨ᠎ᠡ᠃

ᠲ᠋ᠤᠪᠣ ᠶᠢᠨ ᠳᠡᠭᠡᠷ᠎ᠡ ᠪᠠᠢ᠌ᠭᠰᠠᠨ ᠠᠷᠪᠠᠨ ᠬᠤᠶᠠᠷ ᠳᠤᠯᠤᠭᠠᠢ ᠲᠡᠶ ᠠᠳᠤᠭᠠᠷ ᠬᠠᠷ᠎ᠠ ᠮᠠᠩᠭ᠋ᠤᠰ ᠳᠦᠷᠦᠭᠦᠤ ᠲᠡᠶ ᠳᠠᠪᠢᠭᠠᠤᠨ ᠴᠡᠷᠢᠭ᠌ ᠰᠠᠠᠳᠤᠷᠤᠨ᠂ ᠡᠨᠡ ᠭᠠᠵᠠᠷ ᠣᠳᠠᠭᠠᠨ ᠰᠠᠭᠤᠵᠤ ᠪᠣᠯᠬᠤ ᠦᠭᠡᠶ ᠭᠡᠳ ᠴᠠᠴᠠᠷ ᠮᠠᠢ᠌ᠬᠠᠨ ᠶᠢᠡᠨ ᠪᠠᠭᠤᠯᠭᠠᠭᠠᠤᠨ᠂ ᠢᠷᠡᠭ᠍ᠰᠡᠨ ᠵᠠᠮ ᠶᠢᠡᠷ ᠶᠢᠡᠨ ᠪᠣᠴᠠᠨ ᠶᠠᠪᠣᠬᠤ ᠳᠠᠭᠠᠨ ᠡᠷᠭᠢᠨ ᠡᠷᠭᠢᠨ ᠬᠠᠷᠠᠵᠤ᠂ ᠢᠯᠡᠭᠦᠤ ᠳᠤᠯᠤᠭᠠᠢ ᠪᠠᠨ ᠦᠵᠡᠨ ᠳᠠᠭᠢᠨ ᠳᠠᠭᠢᠨ ᠬᠠᠷᠠᠵᠤ ᠳᠠᠪᠬᠤᠷ ᠳᠤᠯᠤᠭᠠᠢ ᠪᠠᠨ ᠦᠵᠡᠨ ᠶᠠᠪᠣᠭᠰᠠᠭᠠᠷ ᠣᠷᠤ ᠪᠠᠷ᠎ᠠ ᠦᠭᠡᠶ ᠶᠠᠪᠣᠭᠰᠠᠨ ᠭᠡᠨ᠎ᠡ᠃

ᠡᠪᠦᠭᠡᠨ ᠢ ᠪᠣᠷᠤᠭᠠᠨ ᠳᠤ ᠨᠤᠷᠭᠠᠭᠰᠠᠨ ᠦᠭᠡᠶ ᠰᠠᠬᠠᠯ ᠲᠡᠶ ᠣᠬᠤᠨ᠎ᠠ ᠪᠦᠳᠦᠭᠦᠨ ᠦᠦ ︖ ᠡᠮᠡᠭᠡᠨ ᠶᠢᠡᠨ ᠨᠢᠳᠤᠨ ᠳᠡᠭᠡᠨ ᠣᠷᠤᠭᠤᠯᠤᠭᠰᠠᠨ ᠡᠪᠦᠭᠡᠨ ᠪᠦᠳᠦᠭᠦᠨ ᠦᠦ ︖ ᠭᠦᠷᠡᠩ ᠪᠣᠬ᠎ᠠ ᠪᠠᠷ ᠴᠢᠷᠦᠭᠦᠯᠵᠤ ᠬᠠᠶᠠᠭᠰᠠᠨ ᠳᠠᠯᠤᠨ ᠤ ᠶᠠᠰᠤ ᠶᠢ ᠠᠪᠴᠤ ᠭᠠᠷᠭᠠᠭᠰᠠᠨ ᠡᠮᠡᠭᠡᠨ ᠪᠦᠳᠦᠭᠦᠨ ᠦᠦ ︖ ᠳᠠᠷᠠ ᠮᠠᠳᠤ ᠶᠡᠭᠡ ᠶᠠᠰᠤ ᠶᠢ ᠵᠠᠭᠤᠵᠤ ᠠᠪᠠᠴᠢᠭᠰᠠᠨ ᠬᠠᠷ᠎ᠠ ᠭᠡᠷᠢᠶ᠎ᠡ ᠪᠦᠳᠦᠭᠦᠨ ᠦᠦ ︖ ᠳᠠᠪᠢᠭᠠᠤᠨ ᠴᠡᠷᠢᠭ᠌ ᠢ ᠳᠤᠪᠣ ᠲᠡᠶ ᠭᠦᠳᠡᠯᠭᠡᠭ᠍ᠰᠡᠨ ᠰᠢᠷ᠎ᠠ ᠨᠤᠬᠠᠢ ᠨᠢ ᠪᠦᠳᠦᠭᠦᠨ ᠦᠦ ︖



ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 9233
ᠴᠠᠭ᠄ 2010 ᠤᠨ ᠤ 06 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ