ᠨᠡᠪᠲᠡᠷᠡᠨ ᠤᠷᠤᠬᠤ
ᠥᠷᠦᠪᠴᠢᠭᠡᠨ ᠨᠢᠳᠤᠯᠠᠯ

ᠥᠭᠡᠷ


ᠥᠭᠡ ᠦᠭᠡᠶ ᠨᠤᠮᠤᠬᠠᠨ ᠴᠠᠭᠠᠨ ᠵᠢᠷᠦᠭᠡ ᠁

ᠥᠵᠦᠭᠦᠷᠳᠡᠢ ᠊᠊᠊᠊᠊᠊᠊᠊᠊᠊᠊᠊᠊᠊᠊ ᠨᠤᠮᠤᠨ ᠰᠠᠯᠠᠮ᠎ᠠ ᠪᠠᠷ ᠶᠢᠡᠨ

ᠦᠨᠡᠨ ᠤ ᠴᠡᠩᠭᠡᠷ ᠳᠤᠩᠬᠠᠭ ᠢ ᠥᠰᠦᠭᠯᠡᠵᠤ ᠶᠠᠪᠣᠨ᠎ᠠ

ᠥᠭᠦᠯ ᠤᠨ ᠴᠡᠭᠡᠨ ᠭᠡᠷᠡᠯ ᠢ ᠰᠠᠵᠢᠯᠠᠵᠤ ᠶᠠᠪᠣᠨ᠎ᠠ︕ ᠁


ᠮᠦᠷ


ᠣᠷᠤᠭᠰᠢ ᠪᠠᠨ ᠶᠠᠪᠣᠯ᠎ᠠ ᠭᠡᠰᠡᠨ ᠭᠠᠭᠴᠠᠬᠠᠨ ᠥᠭᠡ ᠪᠣᠶᠤ

ᠣᠬᠤᠷᠢᠵᠤ ᠪᠣᠯᠬᠤ ᠦᠭᠡᠶ ᠭᠡᠰᠡᠨ ᠬᠠᠳᠠᠭᠤᠬᠠᠨ ᠰᠤᠷᠭᠠᠯ ᠡ︕


ᠨᠠᠮᠤᠷ


ᠮᠢᠠᠵᠢ ᠶᠢᠨ ᠴᠡᠩᠭᠡᠷ ᠬᠠᠩᠭ᠋ᠠᠢ ᠶᠢᠨ ᠰᠢᠩᠭᠡᠨ ᠭᠠᠩᠰᠠᠷᠠᠯ

ᠮᠢᠨᠤ ᠳᠠᠷᠢᠭᠰᠠᠨ ᠮᠤᠳᠤᠨ ᠤ ᠰᠢᠷᠠᠭᠠᠯ ᠣᠭᠢᠯᠠᠯ

ᠮᠢᠩᠭ᠋ᠠᠨ ᠴᠠᠭᠠᠨ ᠪᠣᠳᠤᠭᠤ ᠶᠢᠨ ᠣᠶᠠᠷᠠᠭᠤᠨ ᠪᠣᠢ᠌ᠯᠠᠭ᠎ᠠ

ᠮᠢᠷᠠᠯᠵᠠᠬᠤ ᠦᠷ ᠤᠨ ᠭᠢᠷᠠᠭ᠎ᠠ ᠶᠢᠨ ᠣᠨᠠᠬᠤ ᠰᠡᠭᠦᠷᠡᠰᠤᠨ ᠁

ᠨᠠᠮᠤᠷ ᠶᠤᠮ ᠡ ᠨᠠᠰᠤᠨ ᠤ ᠮᠢᠨᠢ ᠳᠠᠰᠤᠷᠬᠠᠢ ᠶᠤᠮ ᠡ︕


1990.1.11 ᠳ᠋ᠤ ᠪᠢᠴᠢᠭ᠍ᠰᠡᠨ ᠨᠡᠢ᠌ᠳᠡᠯᠡᠭᠦᠯᠦᠭᠡᠳᠦᠢ ᠰᠢᠯᠦᠭ᠌᠃

ᠵᠤᠬᠢᠶᠠᠭᠴᠢ ᠶᠢᠨ ᠬᠠᠶ‍ᠢᠭ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ

ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2638
ᠴᠠᠭ᠄ 2009 ᠤᠨ ᠤ 12 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ