ᠨᠡᠪᠲᠡᠷᠡᠨ ᠤᠷᠤᠬᠤ
ᠠᠮᠢ ᠶᠢᠨ ᠳᠠᠭᠤᠯᠠᠯ

ᠨᠢᠭᠡᠨ ᠠᠮᠢ

ᠣᠷᠴᠢᠯᠠᠩ ᠤᠨ ᠨᠢᠭᠤᠴᠠ ᠵᠤᠷ ᠶᠢᠡᠷ

ᠳᠤᠭᠤᠰᠤᠳᠤ ᠳᠡᠯᠡᠭᠡᠢ ᠶᠢᠨ ᠡᠯᠢᠭᠡᠨ ᠳᠤ

ᠣᠴᠢ ᠰᠢᠭ ᠣᠯᠠᠯᠵᠠᠨ ᠳᠤᠰᠴᠤ

ᠳᠡᠭ᠍ᠷᠢ ᠶᠢᠨ ᠳᠠᠨᠤᠮᠠᠯ ᠬᠤᠢ ᠳᠤ

ᠠᠮᠢᠰᠬᠤᠯ ᠪᠦᠳᠡᠮᠡᠷ ᠬᠤᠷᠣᠢ᠌ᠯᠵᠠᠨ

ᠳᠢᠭ᠌ ᠶᠢᠡᠨ ᠣᠯᠬᠤ ᠦᠭᠡᠶ ᠣᠳᠤᠭᠠᠰᠢᠬᠤ ᠳᠤ

ᠡᠭᠡ ᠶᠢᠨ ᠰᠦ᠋ ᠳᠤᠰᠤ ᠪᠣᠯᠳᠠᠭ  

ᠡᠴᠢᠭᠡ ᠶᠢᠨ ᠬᠠᠢ᠌ᠷ᠎ᠠ ᠨᠦᠮᠦᠷᠢ ᠪᠣᠯᠳᠠᠭ  

ᠣᠯᠠᠯᠵᠠᠨ ᠨᠤᠴᠤᠬᠤ ᠶᠢᠨ ᠥᠯᠦᠭᠡᠢ ᠣᠯᠭᠤᠳᠠᠭ


ᠡᠨᠡ ᠠᠮᠢ

ᠬᠤᠵᠢᠮ ᠤᠨ ᠬᠣᠢ᠌ᠨ᠎ᠠ  

ᠭᠡᠯᠡ ᠳᠤ ᠣᠷᠤᠭᠠᠤᠨ

ᠭᠦᠯ ᠲᠡᠶ ᠪᠣᠯᠬᠤ ᠳ᠋ᠤ  

ᠭᠦᠰᠡᠯ ᠣᠷᠭᠤᠭᠠᠤᠨ

ᠵᠡᠭᠦᠳᠤ ᠣᠯᠠᠰᠢᠷᠠᠬᠤ ᠳᠤ

ᠪᠠᠭᠰᠢ ᠶᠢᠨ ᠵᠢᠳᠭᠦᠯ ᠱᠠᠳᠤ ᠪᠣᠯᠳᠠᠭ

ᠬᠠᠨᠢ ᠶᠢᠨ ᠰᠢᠪᠠᠨᠡᠭᠡ ᠬᠤᠩᠬᠤ ᠪᠣᠯᠳᠠᠭ

ᠬᠤᠯᠠ ᠶᠢᠨ ᠳᠡᠭ᠍ᠷᠢ ᠬᠠᠷᠠᠴᠠ ᠪᠣᠯᠳᠠᠭ

ᠬᠤᠷᠤ ᠎ᠡ ᠳᠤ ᠮᠥᠩᠭᠡᠷᠡᠭᠦ ᠶᠢᠨ ᠰᠢᠳᠢ ᠬᠠᠢ᠌ᠳᠠᠭ  


ᠬᠤᠵᠢᠮ ᠤᠨ ᠬᠣᠢ᠌ᠨ᠎ᠠ

ᠡᠨᠡ ᠠᠮᠢ

ᠣᠴᠢ ᠥᠰᠦᠷᠦᠭ᠍ᠰᠡᠨ ᠰᠢᠭ᠌ ᠣᠯᠠᠯᠵᠠᠨ᠎ᠠ

ᠠᠭᠤᠯᠠ ᠪᠣᠰᠤᠭᠰᠠᠨ ᠰᠢᠭ ᠰᠦᠨᠳᠠᠷᠯᠠᠨ᠎ᠠ

ᠣᠷᠤᠰᠬᠠᠯ ᠨᠡᠢ᠌ᠯᠡᠭ᠍ᠰᠡᠨ ᠰᠢᠭ᠌ ᠭᠦᠷᠭᠢᠷᠡᠨ᠎ᠡ  

ᠢᠰᠡᠭᠡᠢ ᠰᠤᠠᠵᠤ ᠡᠷ᠎ᠡ ᠪᠣᠯᠤᠨ᠎ᠠ

ᠳᠡᠭᠡᠭᠡᠳ

ᠣᠷᠴᠢᠯᠠᠩ ᠤᠨ ᠨᠢᠭᠡᠨ ᠭᠦᠢ ᠵᠠᠯᠭᠠᠭᠰᠠᠨ

ᠣᠭᠰᠠᠭ᠎ᠠ ᠶᠢᠨ ᠬᠠᠯᠠᠭᠤᠨ ᠴᠢᠰᠤ ᠣᠷᠭᠢᠯᠤᠭᠤᠯᠤᠭᠰᠠᠨ

ᠡᠷᠭᠡᠰ ᠤᠨ ᠡᠵᠡᠨ ᠪᠣᠯᠬᠤ ᠪᠠᠷ ᠳᠦᠷᠠᠯᠵᠠᠨ᠎ᠠ


ᠡᠨᠡ ᠦᠶ᠎ᠡ ᠳᠤ ᠪᠠᠨ

ᠡᠨᠡ ᠠᠮᠢ

ᠡᠷᠭᠡ ᠠᠳᠬᠤᠭᠠᠤᠨ

ᠡᠴᠢᠭᠡ ᠪᠠᠨ ᠳᠠᠨᠢᠬᠤ ᠦᠭᠡᠶ ᠴᠤ ᠮᠠᠭᠠᠤᠨ

ᠣᠯᠵᠠ ᠳᠤ ᠰᠢᠨᠤᠭᠠᠤᠨ

ᠦᠪ ᠶᠢᠡᠨ ᠬᠠᠷᠠᠮᠨᠠᠬᠤ ᠦᠭᠡᠶ ᠴᠤ ᠮᠠᠭᠠᠤᠨ

ᠭᠡᠯᠡ ᠪᠠᠨ ᠭᠤᠯᠤᠭᠠᠤᠨ

ᠬᠠᠷᠢ ᠶᠢ ᠰᠢᠳᠦᠭᠦ ᠴᠤ ᠮᠠᠭᠠᠤᠨ

ᠬᠠᠨᠢ ᠪᠠᠨ ᠭᠤᠮᠤᠳᠠᠭᠠᠨ

ᠬᠤᠪᠢ ᠪᠠᠨ ᠯᠠ ᠪᠣᠷᠤᠯᠠᠭᠤᠯᠬᠤ ᠴᠤ ᠮᠠᠭᠠᠤᠨ


ᠲ᠋ᠡᠭᠡᠪᠠᠯ  

ᠭᠦᠯ ᠳᠡᠭᠡᠷ᠎ᠡ ᠪᠠᠨ ᠵᠤᠭᠰᠤᠨ

ᠪᠣᠰᠤᠭ᠎ᠠ ᠵᠠᠢ ᠠᠪᠤᠨ ᠶᠠᠪᠣᠭᠰᠠᠨ ᠴᠤ

ᠭᠠᠷ ᠡᠷᠭᠢᠭᠦᠯᠵᠤ ᠰᠦᠷ ᠳᠠᠳᠠᠨ

ᠭᠦᠮᠤᠨ ᠤ ᠳᠤᠮᠳᠠ ᠨᠠᠷ᠎ᠠ ᠡᠷᠭᠦᠨ ᠶᠠᠪᠣᠭᠰᠠᠨ ᠴᠤ

ᠰᠢᠠᠵᠢ ᠪᠠᠨ ᠪᠠᠷᠠᠨ ᠭᠤᠳᠤᠮᠰᠢᠭ ᠪᠣᠯᠤᠨ᠎ᠠ

ᠴᠢᠨᠠᠷ ᠶᠢᠡᠨ ᠠᠯᠳᠠᠨ ᠴᠢᠳᠭᠦᠷ ᠪᠣᠯᠤᠨ᠎ᠠ

ᠠᠮᠢ ᠪᠣᠯᠤᠭᠰᠠᠨ ᠤ ᠣᠤᠠᠬ᠎ᠠ ᠶᠢ ᠭᠤᠳᠤᠭᠠᠨ᠎ᠠ

ᠠᠮᠢᠳᠤᠷᠠᠯ ᠣᠯᠤᠭᠰᠠᠨ ᠤ ᠠᠭᠤᠯᠭ᠎ᠠ ᠶᠢ ᠪᠣᠵᠠᠷᠳᠠᠭᠤᠯᠤᠨ᠎ᠠ

ᠣᠳᠤᠮ ᠣᠭᠰᠠᠭ᠎ᠠ ᠶᠢᠨ ᠳᠡᠦᠭᠡ ᠶᠢ ᠬᠠᠷᠠᠯᠠᠭᠤᠯᠤᠨ᠎ᠠ


ᠡᠨᠡ ᠦᠶ᠎ᠡ ᠡᠴᠡ

ᠪᠢᠳᠠ

ᠬᠠᠢ᠌ᠷ᠎ᠠ ᠶᠢ ᠣᠬᠠᠭᠰᠠᠨ ᠭᠦᠤ ᠪᠣᠯᠤᠶ᠎ᠠ

ᠬᠠᠷᠢᠭᠤᠴᠠᠯᠭ᠎ᠠ ᠶᠢ ᠳᠠᠨᠢᠭᠰᠠᠨ ᠠᠪᠣ ᠪᠣᠯᠤᠶ᠎ᠠ

ᠢᠴᠢᠭᠦᠷᠢ ᠶᠢ ᠮᠡᠳᠡᠭᠦ ᠠᠷᠠᠤᠨ ᠪᠣᠯᠤᠶ᠎ᠠ

ᠶ‍ᠢᠷᠳᠢᠠᠴᠤ ᠶᠢ ᠥᠩᠭᠡᠯᠡᠭᠦ ᠣᠷᠠᠴᠢᠨ ᠪᠣᠯᠤᠶ᠎ᠠ  

ᠡᠭᠡᠯ ᠬᠠᠷᠠᠴᠤ ᠶᠢᠨ ᠳᠤᠭᠠᠨ ᠳᠤ ᠪᠠᠭᠳᠠᠭᠰᠠᠨ ᠴᠤ

ᠢᠨᠢᠶᠠᠳᠤᠨ ᠳᠤ ᠪᠠᠨ ᠮᠠᠰᠠ ᠦᠭᠡᠶ

ᠡᠷᠡᠭᠡᠢ ᠳᠤ ᠪᠠᠨ ᠨᠢᠭᠦᠯ ᠦᠭᠡᠶ

ᠡᠷᠡᠭᠦᠯ ᠴᠠᠭᠠᠨ ᠮᠦᠷ ᠲᠡᠶ ᠶᠠᠪᠣᠶ᠎ᠠ


ᠠᠮᠢᠳᠤᠷᠠᠯ ᠠᠯᠠᠭ ᠲᠡᠶ ᠭᠡᠵᠤ

ᠠᠮᠠ ᠲᠡᠶ ᠪᠣᠯᠭᠠᠨ ᠶᠠᠷᠢᠳᠠᠭ ᠴᠤ

ᠠᠮᠢᠳᠤᠷᠠᠯ ᠤᠨ ᠠᠯᠠᠭ

ᠰᠡᠳᠭᠢᠯ ᠤᠨ ᠡᠷᠢᠶᠡᠨ ᠡᠴᠡ ᠪᠣᠢ ᠪᠣᠯᠳᠠᠭ ᠢ

ᠰᠠᠷᠠᠵᠤ ᠮᠡᠳᠡᠷᠡᠭ᠍ᠰᠡᠨ ᠠᠮᠢ ᠴᠥᠭᠡᠨ

ᠠᠮᠢᠳᠤᠷᠠᠯ ᠬᠠᠯᠠ ᠲᠡᠶ ᠭᠡᠵᠤ

ᠭᠡᠯᠡ ᠲᠡᠶ ᠪᠣᠯᠭᠠᠨ ᠮᠡᠷᠭᠡᠯᠡᠳᠡᠭ᠌ ᠴᠤ

ᠠᠯᠢᠪᠠ ᠪᠠᠨ ᠠᠮᠢᠳᠤᠷᠠᠯ ᠳᠤ ᠡᠷᠭᠦᠭ᠍ᠰᠡᠳ ᠢ

ᠠᠮᠢᠳᠤᠷᠠᠯ ᠢᠨᠢᠶᠠᠳᠤ ᠪᠠᠷ ᠱᠠᠩᠨᠠᠳᠠᠭ ᠭᠡᠵᠤ

ᠣᠬᠠᠵᠤ ᠳᠠᠨᠢᠭᠰᠠᠨ ᠠᠮᠢ ᠭᠡᠳᠦᠭᠡᠨ


ᠠᠯᠳᠠᠨ ᠠᠮᠢ᠂ ᠠᠷᠢᠭᠤᠨ ᠠᠮᠢᠳᠤᠷᠠᠯ ᠬᠤᠶᠠᠷ  

ᠣᠴᠢ ᠮᠠᠳᠤ ᠣᠯᠠᠯᠵᠠᠵᠤ  

ᠣᠳᠤ ᠰᠢᠭ ᠭᠢᠯᠠᠯᠵᠠᠬᠤ ᠳᠤ ᠪᠠᠨ ᠳᠠᠭᠠᠷᠠᠨ᠎ᠠ

ᠠᠯᠳᠠᠨ ᠠᠮᠢ᠂ ᠠᠷᠢᠭᠤᠨ ᠠᠮᠢᠳᠤᠷᠠᠯ ᠬᠤᠶᠠᠷ

ᠣᠳ᠋ᠪᠠᠯ᠎ᠠ ᠠᠳᠠᠯᠢ ᠳᠡᠯᠭᠡᠷᠡᠵᠤ

ᠣᠷᠤᠰᠬᠠᠯ ᠭᠡᠮᠡᠷ ᠣᠠᠳᠤᠷᠬᠤ ᠳᠤ ᠪᠠᠨ ᠵᠦᠢ᠌

ᠠᠯᠳᠠᠨ ᠠᠮᠢ ᠪᠠᠨ ᠬᠠᠢ᠌ᠷᠠᠯᠠᠪᠠᠯ  

ᠠᠷᠢᠭᠤᠨ ᠠᠮᠢᠳᠤᠷᠠᠯ ᠢ ᠪᠦᠳᠦᠭᠡ

ᠠᠷᠢᠭᠤᠨ ᠠᠮᠢᠳᠤᠷᠠᠯ ᠤᠨ ᠭᠦᠷᠦᠰᠤᠨ ᠳ᠋ᠤ

ᠠᠯᠳᠠᠨ ᠠᠮᠢ ᠭᠡᠵᠢᠶᠡᠳᠡ ᠵᠤᠯᠭᠠᠷᠠᠬᠤ ᠥᠭᠡᠢ


ᠵᠤᠬᠢᠶᠠᠭᠴᠢ ᠶᠢᠨ ᠬᠠ‍‌ᠶᠢᠭ ᠄ ᠲᠦᠰᠢᠶᠠᠳᠤ

ᠵᠤᠬᠢᠶᠠᠭᠴᠢ᠄ ᠣᠷᠭᠢᠯᠤᠮ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2609
ᠴᠠᠭ᠄ 2011 ᠤᠨ ᠤ 06 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ