☆ ᠪ᠊·ᠳᠡᠭᠦᠯᠢᠨ
ᠮᠠᠨ ᠤ ᠳᠡᠯᠡᠭᠡᠢ
ᠦᠷᠭᠡᠷᠢᠭ᠌ ᠣᠷᠳᠤᠷᠢᠭ ᠤᠨ ᠣᠳᠠᠰᠤ ᠶᠢ
ᠦᠷᠠᠵᠤ ᠬᠤᠰᠤᠭᠠᠤᠨ ᠬᠠᠶᠠᠴᠢᠬᠠᠪᠠᠯ
ᠥᠡᠳᠡᠭᠡ ᠰᠢᠦᠬᠠᠨ ᠳᠡᠯᠡᠭᠡᠢ ᠮᠢᠨᠢ
ᠡᠭᠦᠯᠡᠨ ᠤ ᠪᠠᠨ ᠰᠡᠭᠦᠳᠡᠷ ᠪᠠᠢ᠌ᠵᠠᠢ᠃
ᠡᠪᠯᠡᠵᠤ ᠳᠠᠭᠠᠷᠠᠭᠤᠯᠤᠭᠠᠤᠨ ᠳᠠᠯᠪᠢᠬᠤ ᠳ᠋ᠤ
ᠡᠷᠳᠡᠨ ᠭᠠᠯᠠᠪ ᠤᠨ ᠬᠠᠪᠳᠠᠰᠤ ᠪᠠᠢ᠌ᠵᠠᠢ᠃
ᠮᠦᠰᠤᠨ ᠭᠠᠷᠠᠭ ᠤᠨ ᠳᠠᠭᠠᠷᠢᠯᠳᠠ ᠳ᠋ᠤ
ᠮᠤᠲ᠋ᠤᠷᠯᠠᠵᠤ ᠳᠤᠳᠠᠭᠠᠭᠰᠠᠨ ᠴᠢᠯᠠᠭᠤᠳ ᠪᠠᠢ᠌ᠵᠠᠢ᠃
ᠮᠤᠨᠤᠭᠯᠠᠵᠤ ᠵᠢᠭᠤᠳᠠᠨ ᠭᠦᠪᠦᠯᠵᠡᠭᠡᠳ
ᠮᠤᠷᠤᠢᠳᠠᠯᠠ ᠮᠦᠷᠭᠦᠯᠳᠦᠳᠡᠭ᠌ ᠠᠭᠤᠯᠠᠰ ᠪᠠᠢ᠌ᠵᠠᠢ᠃
ᠬᠤᠷᠤᠨ ᠰᠡᠳᠭᠢᠯ ᠳᠤ ᠪᠠᠨ ᠳᠠᠳᠠᠨᠤᠰ
ᠬᠤᠭᠤᠷᠤᠠᠳᠤ ᠪᠠᠨ ᠭᠠᠯᠯᠠᠳᠠᠭ ᠴᠦᠮ᠎ᠡ ᠪᠠᠢ᠌ᠵᠠᠢ᠃
2013.10.19
ᠬᠠᠶᠢᠭ᠄ ᠰᠢᠯᠢ ᠶᠢᠨ ᠭᠤᠤᠯ ᠠᠢ᠌ᠮᠠᠭ᠂ ᠰᠢᠯᠤᠭᠤᠨ ᠭᠦᠪᠠᠭᠡᠳᠤ ᠴᠠᠭᠠᠨ ᠬᠤᠰᠢᠭᠤᠨ ᠤ ᠮᠤᠩᠭ᠋ᠤᠯ ᠳᠤᠮᠳᠠᠳᠤ ᠰᠤᠷᠭᠠᠭᠤᠯᠢ
ᠵᠤᠬᠢᠶᠠᠭᠴᠢ᠄ ᠪ᠊·ᠳᠡᠭᠦᠯᠢᠨ
ᠬᠠᠷᠢᠶ᠎ᠠ᠄
ᠰᠢᠯᠦᠭᠳᠠᠷᠤᠮ᠄ 2794
ᠴᠠᠭ᠄ 2014 ᠤᠨ ᠤ 01 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ