☆ ᠨᠡᠰᠦᠡᠮᠦ᠋ᠩᠭᠡ
ᠡᠪᠠᠰᠤ ᠬᠤᠷ᠎ᠠ (ᠵᠠᠳᠠᠭᠠᠢ ᠰᠢᠯᠦᠭ᠌)
《ᠬᠤᠷ᠎ᠠ ᠶᠠᠭᠠᠭᠢᠴᠢᠪᠠ ︖》 ᠭᠡᠵᠤ ᠴᠠᠩᠭ᠋ᠠᠭᠠᠤᠨ ᠳᠡᠰᠭᠦ ᠦᠭᠡᠶ ᠳᠡᠭᠡᠨ ᠡᠪᠠᠰᠤ ᠳᠠᠭᠤ ᠠᠯᠳᠠᠨ᠎ᠠ᠃
《ᠠᠭᠠᠷ ᠲᠤ ᠴᠢᠭᠢᠭ᠌ ᠦᠭᠡᠶ ᠪᠣᠯ ᠪᠢ ᠶᠠᠭᠠᠭᠢᠵᠤ ᠴᠤ ᠭᠦᠷᠭᠦ ᠶᠤᠮ ᠪᠣᠢ》 ᠭᠡᠳ ᠬᠤᠷ᠎ᠠ ᠳᠤᠷ᠎ᠠ ᠥᠭᠡᠢ᠌ᠴᠡᠨ᠎ᠡ᠃
《ᠴᠢᠩᠭᠢᠵᠤ ᠭᠡᠯᠡᠭᠦ ᠶᠤᠮ ᠪᠣᠯ ᠪᠢ ᠴᠢᠮᠢ᠋ᠢ ᠲᠡᠭᠷᠢ ᠳᠤ ᠵᠠᠭᠠᠯᠳᠤᠨ᠎ᠠ》 ᠭᠡᠵᠤ ᠡᠪᠠᠰᠤ ᠠᠭᠤᠷᠯᠠᠨ᠎ᠠ᠃
《ᠴᠢᠩᠭᠢᠪᠠᠯ ᠮᠦᠨᠴᠤ ᠣᠴᠢᠷ ᠣᠬᠠᠭᠠᠨ ᠨᠢ ᠣᠯᠳᠠᠬᠤ ᠪᠣᠢ》 ᠭᠡᠳ ᠬᠤᠷ᠎ᠠ ᠴᠤ ᠭᠦᠯᠢᠶᠡᠭᠦ ᠦᠭᠡᠶ ᠪᠠᠢ᠌ᠪᠠ᠃
ᠳᠡᠭᠡᠭᠡᠳ ᠳᠠᠷᠠ ᠬᠤᠶᠠᠭᠤᠯᠠ ᠪᠠᠨ ᠲᠡᠭᠷᠢ ᠶᠢᠨ ᠳᠠᠠᠳᠠ ᠭᠦᠷᠪᠡ᠂ ᠭᠡᠨ ᠠᠯᠢᠨ ᠨᠢ ᠴᠤ ᠣᠴᠢᠷ ᠵᠤᠪᠠᠯᠠᠩ ᠶᠢᠡᠨ ᠥᠯᠡᠳᠡᠭᠡᠯ ᠦᠭᠡᠶ ᠳᠤᠭᠠᠴᠢᠪᠠ᠃ ᠰᠤᠨᠤᠰᠴᠤ ᠳᠠᠭᠤᠰᠤᠭᠠᠤᠨ ᠲᠡᠭᠷᠢ ᠰᠡᠭᠦᠷᠡᠰᠤ ᠠᠯᠳᠠᠭᠰᠠᠨ ᠶᠢᠡᠨ ᠢᠩᠭᠢᠵᠤ ᠭᠡᠯᠡᠪᠡ᠄
《ᠪᠢ ᠡᠭᠢᠯᠡᠵᠤ ᠪᠦᠳᠦᠭᠡᠭᠦ ᠳᠤ ᠠᠯᠢ ᠠᠯᠢ ᠨᠢ ᠴᠤ ᠲᠡᠩᠴᠡᠬᠦᠨ ᠪᠠᠢ᠌ᠭᠰᠠᠨ᠂ ᠭᠡᠳᠡᠯ᠎ᠡ ᠭᠦᠮᠤᠨ ᠭᠡᠳᠡᠭ᠌ ᠭᠠᠢ᠌ᠬᠠᠯ ᠤᠨ ᠬᠤᠪᠳᠤᠭ ᠢ ᠨᠢ ᠶᠠᠭᠠᠭᠢᠶ᠎ᠠ ︖ ᠢᠯᠡᠭᠦᠤ ᠶᠠᠭᠤᠮᠠᠨ ᠳᠤ ᠭᠤᠷᠢᠯᠠᠭᠰᠠᠭᠠᠷ ᠪᠠᠢ᠌ᠵᠤ ᠳᠠᠷᠠ ᠲᠡᠩᠴᠡᠬᠦᠷᠢ ᠶᠢ ᠡᠪᠳᠡᠴᠢᠭ᠍ᠰᠡᠨ ᠤᠴᠢᠷ᠂ ᠡᠷᠭᠢᠵᠤ ᠢᠷᠡᠭᠦ ᠬᠤᠤᠷ ᠢ ᠨᠢ ᠳᠠ ᠨᠡᠷ ᠠᠮᠰᠠᠬᠤ ᠨᠢ ᠳᠠᠷᠠ ᠰᠢᠤ》 ᠭᠡᠪᠡ᠃
《ᠳᠠᠢ᠌ᠮᠤ ᠪᠣᠯ ᠳᠠᠷᠠ ᠭᠠᠢ᠌ᠬᠠᠯ ᠢ ᠠᠷᠢᠯᠭᠠᠭᠠᠤᠨ ᠬᠠᠶᠠᠴᠢᠬ᠎ᠠ ᠡ ︕》 ᠭᠡᠵᠤ ᠡᠪᠠᠰᠤ ᠬᠤᠷ᠎ᠠ ᠬᠤᠶᠠᠭᠤᠯᠠ ᠵᠡᠷᠭᠡ ᠪᠠᠷ ᠳᠤᠤᠭᠠᠷᠪᠠ᠃
《ᠳᠡᠭᠡᠭᠦ ᠳᠤ ᠭᠦᠷᠪᠠᠯ ᠶᠢᠷᠳᠢᠠᠴᠤ ᠴᠤ ᠶᠢᠷᠳᠢᠠᠴᠤ ᠪᠢᠰᠢ ᠪᠦᠯᠴᠢᠨᠡ᠂ ᠪᠦᠳᠦᠯ ᠶᠢᠡᠷ ᠠᠨᠠᠢ ᠪᠣᠯᠪᠠᠴᠤ ᠭᠦᠮᠤᠨ ᠴᠢᠨᠢ ᠶᠢᠷᠳᠢᠠᠴᠤ ᠶᠢᠨ ᠡᠵᠡᠨ ᠨᠢ ᠰᠢᠤ》 ᠭᠡᠵᠤ ᠲᠡᠭᠷᠢ ᠬᠠᠷᠢᠭᠤᠯᠤᠨ᠎ᠠ᠃
《ᠳᠡᠭᠡᠪᠠᠯ ᠳᠠ ᠳᠠᠭᠢᠭᠠᠤᠨ ᠪᠦᠳᠦᠭᠡᠭᠡᠳ ᠥᠭ᠍ᠴᠢᠭᠡ ᠳ᠋ᠠ ︕》 ᠭᠡᠵᠤ ᠳᠠᠳᠠ ᠭᠤᠶᠤᠨ᠎ᠠ᠃
《ᠳᠠᠷᠠ ᠴᠤ ᠳᠠᠷᠠᠭ᠎ᠠ ᠭᠠᠯᠠᠪ ᠤᠨ ᠶᠠᠪᠣᠳᠠᠯ ᠪᠠᠢ᠌ᠵᠤ ᠮᠠᠳᠠᠨ᠎ᠡ ᠳ᠋ᠡ᠂ ᠲ᠋ᠡᠭᠡᠭᠡᠳ ᠪᠠᠰᠠ ᠳᠠᠭᠢᠭᠠᠤᠨ ᠡᠪᠳᠡᠯᠡᠴᠢᠪᠠᠯ ᠶᠠᠭᠠᠭᠢᠬᠤ ᠪᠣᠢ ︖》 ᠭᠡᠵᠤ ᠲᠡᠭᠷᠢ ᠳᠤᠯᠤᠭᠠᠢ ᠰᠡᠭ᠍ᠰᠦᠷᠤᠨᠡ᠃
ᠵᠤᠬᠢᠶᠠᠭᠴᠢ ᠶᠢᠨ ᠬᠠᠶᠢᠭ ᠄ ᠪᠠᠷᠠᠭᠤᠨ ᠦᠵᠦᠮᠤᠴᠢᠨ ᠬᠤᠰᠢᠭᠤᠨ ᠤ ᠪᠠᠯᠭᠠᠷᠭᠤᠤᠯ ᠪᠠᠯᠭᠠᠰᠤᠨ ᠤ ᠪᠠᠯᠭᠠᠷ ᠵᠡᠭᠡᠯᠢ
ᠵᠤᠬᠢᠶᠠᠭᠴᠢ᠄ ᠨᠡᠰᠦᠡᠮᠦ᠋ᠩᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2651
ᠴᠠᠭ᠄ 2012 ᠤᠨ ᠤ 06 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ