ᠨᠡᠪᠲᠡᠷᠡᠨ ᠤᠷᠤᠬᠤ
ᠬᠠᠢ᠌ᠷᠠᠨ ︕ ᠠᠢ᠌ᠯ ᠤᠨ ᠡᠭᠡᠴᠢ ᠮᠢᠨᠢ ᠡ

ᠠᠢ᠌ᠯ ᠤᠨ ᠮᠢᠨᠢ ᠭᠡᠦᠭᠡᠡᠴᠦᠳ ᠤᠨ ᠳᠤᠳᠤᠷ᠎ᠠ

ᠠᠯᠢ ᠰᠤᠳᠤᠨ ᠨᠢ ᠴᠢ ᠪᠢᠯᠠ

ᠠᠪᠣ ᠡᠵᠢ ᠶᠢᠨ ᠶᠢᠡᠨ ᠬᠠᠢ᠌ᠷ᠎ᠠ ᠶᠢᠨ ᠠᠯᠠᠭᠠᠨ ᠳᠡᠭᠡᠷ᠎ᠡ

ᠠᠯᠠᠭ ᠦᠭᠡᠶ ᠪᠦᠮᠪᠦᠷᠢᠵᠤ ᠥᠰᠦᠭ᠍ᠰᠡᠨ ᠪᠢᠯᠠ᠃


ᠬᠤᠷᠸ᠎ᠠ ᠳᠤ ᠵᠠᠶᠠᠭᠠᠭᠰᠠᠨ ᠭᠡᠦᠭᠡᠨ ᠨᠠᠰᠤ ᠪᠠᠨ

ᠬᠤᠷᠢᠨ ᠳᠠᠪᠤᠨ ᠵᠢᠯ ᠬᠠᠮᠠᠭᠠᠯᠠᠵᠤ ᠶᠠᠪᠣᠯ᠎ᠠ

ᠭᠦᠷᠦᠰᠤ ᠰᠢᠮᠡᠯᠢᠭ᠌ ᠠᠢ᠌ᠯ ᠤᠨ ᠮᠢᠨᠢ ᠳᠠᠷᠢᠶᠠᠨ ᠳᠤ

ᠭᠦᠴᠤ ᠭᠦᠯᠦᠰᠤ ᠪᠠᠨ ᠣᠷᠤᠰᠬᠠᠵᠤ ᠶᠠᠪᠣᠯ᠎ᠠ᠃


ᠣᠴᠠᠷᠠᠯ ᠴᠢᠮᠠᠳᠤ ᠵᠤᠯᠳᠠᠢ᠌ᠬᠠᠨ ᠪᠠᠢ᠌ᠪᠠᠤ

ᠣᠯᠤᠰ ᠤᠨ ᠺᠠᠳ᠋ᠷ ᠲᠤ ᠴᠢ ᠮᠤᠷᠳᠠᠯ᠎ᠠ

ᠣᠯᠠᠨ ᠭᠦᠮᠦᠰ ᠱᠤᠤᠭᠢᠯᠳᠤᠵᠤ ᠭᠠᠷᠤᠯ᠎ᠠ

ᠣᠶᠠᠷᠠᠬᠤ ᠪᠠᠶᠠᠷᠯᠠᠬᠤ ᠬᠤᠯᠢᠯᠳᠤᠵᠤ ᠪᠠᠢ᠌ᠯ᠎ᠠ᠃


ᠬᠤᠷᠢᠮ ᠶᠢᠡᠨ ᠴᠢ ᠳᠦᠭᠦᠮ ᠭᠢᠯ᠎ᠠ ᠭᠡᠰᠡᠨ

ᠬᠤᠶᠠᠷᠬᠠᠨ ᠰᠢᠷᠡᠭᠡ ᠵᠤᠴᠢᠨ ᠵᠠᠯᠠᠯ᠎ᠠ ᠭᠡᠳᠡᠭ᠌

ᠬᠠᠷᠢᠭᠤ ᠳ᠋ᠤᠨᠢ ᠳᠡᠭᠡᠭᠦ ᠳᠤ ᠴᠠᠭ ᠤᠨ ᠶᠤᠰᠤ ᠭᠡᠳ

ᠬᠠᠮᠤᠭ ᠠᠢ᠌ᠯ ᠶᠢᠡᠷ ᠶᠢᠡᠨ ᠱᠠᠭᠰᠢᠯᠳᠤᠵᠤ ᠭᠡᠰᠡᠨ᠃


ᠠᠢ᠌ᠯ ᠪᠣᠰᠬᠠᠭᠰᠠᠨ ᠤ ᠴᠢᠨᠢ ᠬᠤᠶᠠᠳᠤᠭᠠᠷ ᠵᠢᠯ

ᠠᠩᠬᠠᠨ ᠤ ᠭᠡᠦᠭᠡᠨ ᠴᠢᠨᠢ ᠵᠠᠶᠠᠭᠠᠵᠤ ᠪᠢᠯᠠ

ᠠᠰᠬᠠᠷᠠᠵᠤ ᠪᠢᠯᠬᠠᠮ᠎ᠠ ᠡᠭᠡ ᠶᠢᠨ ᠬᠠᠢ᠌ᠷ᠎ᠠ ᠪᠠᠷ

ᠠᠩᠭ᠋᠎ᠠ ᠪᠠᠨ ᠴᠢ ᠥᠭᠦᠭᠡᠷᠳᠦᠵᠤ ᠥᠰᠭᠡᠯ᠎ᠡ᠃


ᠬᠡᠦᠬᠡᠳ ᠮᠥᠮᠦᠭᠦᠯᠳᠡᠭ᠌ ᠪᠠᠢ᠌ᠳᠠᠯ᠎ᠠ ᠪᠠᠨ ᠴᠢ

ᠭᠦᠳᠡᠯᠮᠦᠷᠢ ᠭᠦᠴᠤ ᠪᠠᠷ ᠳᠠᠷᠢᠶᠠᠨ ᠳᠤ ᠶᠠᠪᠣᠳᠠᠭ

ᠭᠦᠮᠤᠨ ᠡᠴᠡ ᠳᠤᠤᠷ᠎ᠠ ᠠᠮᠢᠳᠤᠷᠠᠬᠤ ᠦᠭᠡᠶ ᠯᠠ ᠭᠡᠳ

ᠭᠦᠳᠡᠭᠡ ᠭᠡᠭᠡᠷ᠎ᠡ ᠡᠴᠡ ᠲᠦᠯᠡᠭᠡ ᠡᠭᠦᠷᠳᠡᠭ᠌᠃


ᠰᠠᠢ᠌ᠬᠠᠨ ᠵᠢᠰᠤᠨ ᠳᠤ ᠴᠢᠨᠢ ᠳᠤᠭᠤᠰᠤ ᠰᠠᠭᠤᠬᠤ ᠪᠠᠷ

ᠰᠤᠮᠤᠳᠤ ᠶᠢᠨ ᠠᠢ᠌ᠯ ᠤᠨ ᠭᠢᠨ ᠬᠠᠷᠠᠮᠰᠠᠳᠠᠭ ᠪᠠᠢ᠌ᠯ᠎ᠠ

ᠰᠠᠨᠠᠭ᠎ᠠ ᠵᠥᠭᠡᠯᠡᠨ ᠨᠢᠭᠡ ᠨᠢ ᠳᠡᠭᠡᠭᠡᠳ

ᠰᠠᠨᠠᠨ ᠰᠠᠨᠠᠨ ᠳᠤᠰᠠᠯᠠᠳᠠᠭ ᠪᠠᠢ᠌ᠯ᠎ᠠ᠃


ᠬᠠᠯᠠᠭᠤᠨ ᠵᠤᠨ ᠤ ᠨᠠᠷᠠᠨ ᠳᠤ ᠰᠢᠷᠠᠭᠳᠠᠨ

ᠬᠠᠴᠠᠷ ᠨᠢᠭᠤᠷ ᠶᠢᠡᠨ ᠪᠣᠷᠤᠯᠠᠭᠤᠯᠵᠤ ᠭᠠᠷᠤᠯ᠎ᠠ

ᠬᠠᠮᠤᠭ ᠣᠯᠠᠨ ᠤ ᠪᠢᠰᠢᠷᠠᠯ ᠢ ᠣᠯᠵᠤ

ᠬᠠᠷᠠᠳᠠᠭᠤᠨ ᠴᠢᠷᠮᠠᠢ᠌ᠯᠭ᠎ᠠ ᠶᠢᠨ ᠠᠴᠢ ᠶᠢ ᠭᠦᠷᠳᠡᠯ᠎ᠡ᠃


ᠶᠠᠳᠠᠷᠠᠯ ᠶᠢᠡᠨ ᠴᠢ ᠶᠠᠭᠤ ᠪᠠᠷ ᠴᠤ ᠪᠣᠳᠤᠯ ᠦᠭᠡᠶ

ᠶᠠᠪᠣᠬᠤ ᠶᠠᠩᠵᠤ ᠪᠠᠷ ᠶᠢᠡᠨ ᠶᠠᠪᠣᠳᠠᠭ ᠪᠠᠢ᠌ᠯ᠎ᠠ

ᠠᠮᠢᠳᠤᠷᠠᠯ ᠣᠠᠳᠤᠷᠤᠯᠭ᠎ᠠ ᠴᠢᠨᠢ ᠳᠡᠭᠡᠭᠦ ᠳᠤ ᠬᠠᠷᠢᠨ

ᠠᠢ᠌ᠯ ᠤᠨ ᠶᠢᠡᠨ ᠳᠤᠳᠤᠷ᠎ᠠ ᠣᠷᠣᠢ᠌ᠯᠠᠬᠤ ᠪᠣᠯᠤᠯ᠎ᠠ᠃


ᠬᠡᠦᠬᠡᠳ ᠲᠡᠭᠡᠨ ᠥᠭ᠍‍ᠭᠢᠶᠡᠮᠦᠷ ᠡᠭᠡ ᠪᠠᠶ᠎ᠠ ᠳᠤ ᠴᠢᠨᠢ

ᠬᠤᠶᠠᠳᠤᠭᠠᠷ ᠭᠡᠦᠭᠡᠨ ᠴᠢᠨᠢ ᠬᠤᠵᠢᠭᠤᠬᠠᠨ ᠵᠠᠶᠠᠭᠠᠯ᠎ᠠ

ᠬᠤᠷᠮᠣᠢ᠌ᠯᠠᠵᠤ ᠠᠪᠣᠭᠠᠤᠨ ᠡᠩᠭᠦᠷᠡᠢ᠌ᠯᠡᠭ᠍ᠰᠡᠨ ᠡᠴᠡ ᠪᠣᠳᠤᠪᠠᠯ

ᠭᠦᠮᠦᠵᠢᠭᠦᠯᠵᠤ ᠥᠰᠭᠡᠭᠦ ᠭᠡᠵᠤ ᠬᠠᠳᠠᠭᠤᠵᠢᠯᠳᠠᠢ ᠠᠵᠢ ︕


ᠬᠤᠶᠠᠷ ᠬᠡᠦᠬᠡᠳ ᠶᠢᠡᠨ ᠬᠠᠷᠠᠨ ᠬᠠᠷᠠᠨ

ᠬᠤᠪᠳᠤᠯ ᠵᠢᠷᠦᠭᠡ ᠴᠢᠨᠢ ᠣᠶᠠᠰᠳᠠᠭ ᠪᠠᠢ᠌ᠯ᠎ᠠ

ᠬᠤᠪᠢᠳᠠᠵᠤ ᠵᠠᠶᠠᠭᠠᠭᠰᠠᠨ ᠡᠷ᠎ᠡ ᠨᠥᠭᠦᠷ ᠶᠢᠡᠨ ᠴᠢ

ᠬᠠᠢ᠌ᠷ᠎ᠠ ᠶᠢᠨ ᠶᠢᠡᠨ ᠡᠷᠴᠢ ᠪᠠᠷ ᠠᠰᠠᠷᠠᠳᠠᠭ ᠪᠠᠢ᠌ᠯ᠎ᠠ᠃


ᠦᠷ᠎ᠡ ᠬᠡᠦᠬᠡᠳ ᠠᠳᠠᠯ ᠠᠮᠢᠳᠤᠷᠠᠯ ᠭᠡᠳ

ᠥᠨᠡᠭᠡᠷ ᠵᠦᠳᠠᠯ᠎ᠠ ᠳ᠋ᠠ᠂ ᠰᠠᠮᠠᠭ᠎ᠠ ᠡᠭᠡᠴᠢ ᠡ

ᠦᠨᠡᠠᠴᠢ ᠳᠤᠷᠠᠯᠠᠯ ᠤᠨ ᠶᠢᠡᠨ ᠬᠠᠷᠢᠭᠤ ᠳᠤ ᠴᠢ

ᠥᠶᠡᠷᠭᠡᠯ ᠢᠨᠠᠭᠰᠢᠯ ᠣᠯᠤᠯᠳᠠᠢ ᠶᠤᠮᠰᠠᠨ ︕


ᠰᠤᠷᠭᠠᠭᠤᠯᠢ ᠳᠤ ᠪᠠᠭᠰᠢᠯᠠᠳᠠᠭ ᠨᠥᠭᠦᠷ ᠴᠢᠨᠢ ᠳᠡᠭᠡᠭᠦ ᠳᠤ

ᠰᠤᠭᠳᠤᠬᠤ ᠪᠣᠯᠭᠠᠨ ᠠᠭᠠᠰᠢᠯᠠᠳᠠᠭ ᠪᠣᠯᠤᠯ᠎ᠠ

ᠰᠠᠠᠳᠤᠷᠴᠤ ᠪᠠᠭᠤᠭᠠᠤᠨ ᠠᠶᠠᠭᠠᠯᠠᠭᠰᠠᠨ ᠪᠣᠳᠠᠭ᠎ᠠ ᠶᠢ ᠴᠢᠨᠢ

ᠰᠠᠪᠠᠵᠤ ᠬᠠᠶᠠᠭᠠᠤᠨ ᠬᠠᠷᠢᠶᠠᠳᠠᠭ ᠪᠣᠯᠤᠯ᠎ᠠ᠃


ᠲᠦᠯᠡᠭᠡ ᠡᠭᠦᠷᠳᠡᠭ᠌ ᠯᠠ ᠰᠠᠢ᠌ᠯᠤᠤ ᠪᠠᠢ᠌ᠨ᠎ᠠ ᠭᠡᠳ

ᠳᠦᠭᠦᠰᠢᠯᠡᠵᠤ ᠴᠢᠮᠢ᠋ᠢ ᠴᠤᠭᠢᠳᠠᠭ ᠭᠡᠰᠡᠨ

ᠳᠦᠷᠦᠭ᠍ᠰᠡᠨ ᠴᠢᠨᠢ ᠪᠦᠷ ᠯᠠ ᠮᠠᠭᠤ ᠦᠬᠢᠳ ᠭᠡᠳ

ᠳᠦᠨᠠᠷᠠᠳᠠᠯ᠎ᠠ ᠭᠡᠪᠠᠯᠢ ᠶᠢ ᠴᠢᠨᠢ ᠢᠰᠭᠦᠯᠳᠡᠭ᠌ ᠭᠡᠨ᠎ᠡ᠃


ᠭᠤᠮᠤᠳᠠᠯ ᠵᠠᠯᠭᠢᠵᠤ ᠳᠠᠰᠴᠤ ᠰᠠᠭᠤᠬᠤ ᠳᠠᠭᠠᠨ ᠴᠢ

ᠭᠤᠳᠤᠷᠠᠵᠤ ᠶᠠᠷᠤᠨᠢ ᠥᠵᠡᠭᠡ ᠦᠭᠡᠶ ᠪᠠᠢ᠌ᠯ᠎ᠠ

ᠬᠤᠪᠢᠷᠠᠵᠤ ᠵᠠᠰᠠᠷᠠᠬᠤ ᠴᠠᠭ ᠪᠠᠢ᠌ᠯᠭᠦᠢ ᠭᠡᠳ

ᠬᠤᠨᠤᠭ ᠤᠨ ᠵᠡᠭᠦᠳᠤᠨ ᠳᠡᠭᠡᠨ ᠴᠤ ᠭᠦᠰᠡᠳᠡᠭ᠌ ᠪᠠᠢ᠌ᠭᠰᠠᠨ᠃


ᠭᠡᠦᠭᠡᠨ ᠴᠢᠨᠢ ᠰᠤᠷᠭᠠᠭᠤᠯᠢ ᠳᠤ ᠡᠯᠰᠡᠭ᠍ᠳᠡᠭᠡ ᠦᠭᠡᠶ

ᠭᠡᠴᠡᠭᠦᠤ ᠭᠡᠷᠡᠭ᠌ ᠳᠠᠳᠠᠭᠰᠠᠨ ᠪᠢᠯᠠ

ᠭᠦᠮᠤᠨ ᠤ ᠣᠷᠴᠢᠯᠠᠩ ᠤᠨ ᠶᠠᠭᠤ ᠪᠦᠭᠦᠨ ᠴᠤ

ᠬᠤᠴᠤᠷᠭᠠᠵᠤ ᠴᠢᠮᠢ᠋ᠢ ᠳᠡᠢ᠌ᠯᠦᠭᠡ ᠦᠭᠡᠶ ︕


《ᠪᠣᠰᠤᠳ ᠡᠮ᠎ᠡ ᠲᠡᠶ ᠳᠦᠷᠦᠭ᠍ᠰᠡᠨ ᠬᠡᠦᠬᠡᠳ ᠪᠣᠯ

ᠪᠣᠷᠤᠭᠤ ᠳᠠᠭᠠᠨ ᠯᠠᠪ ᠡᠢ᠌ᠮᠤ ᠪᠢᠳᠠᠭᠤ ᠪᠢᠰᠢ ︕》

ᠪᠣᠯᠭᠢ ᠶᠢᠨ ᠲᠤᠢ᠌ᠯ ᠡᠨᠡ ᠬᠠᠷᠢᠶᠠᠳᠤ ᠶᠢ

ᠪᠣᠳᠤᠯ ᠳᠠᠭᠠᠨ ᠴᠢ ᠳᠠᠭᠠᠭᠠᠵᠤ ᠴᠢᠳᠠᠭ᠎ᠠ ᠦᠭᠡᠶ ︕


ᠲ᠋ᠤᠭᠤᠷᠢᠵᠤ ᠰᠠᠭᠤᠭᠰᠠᠨ ᠭᠦᠮᠦᠰ ᠤᠨ ᠵᠤᠪᠠᠯ

ᠳᠦᠷᠭᠦᠮ ᠤᠨ ᠶᠢᠡᠨ ᠣᠯᠤᠰ ᠤᠨ ᠡᠮᠭᠡᠨᠢᠯ ᠬᠠᠷᠠᠮᠰᠠᠯ

ᠳᠦᠭᠦᠭᠡ ᠲᠡᠶ ᠳᠦᠭᠦᠭᠡ ᠣᠷᠤᠭ᠎ᠠ ᠦᠭᠡᠶ ᠭᠤᠷᠪᠠᠨ ᠭᠡᠦᠭᠡᠨ ᠶᠢᠡᠨ

ᠳᠦᠴᠢᠨ ᠬᠤᠶᠠᠷᠳᠠᠢ ᠳᠠᠭᠠᠨ ᠬᠠᠶᠠᠵᠤ ᠶᠠᠪᠣᠯ᠎ᠠ ︕


ᠰᠠᠮᠠᠭ᠎ᠠ ᠨᠠᠷ᠎ᠠ ᠲᠡᠶ ᠰᠠᠢ᠌ᠬᠠᠨ ᠭᠡᠦᠭᠡᠨ

ᠰᠠᠷᠠᠳᠤ ᠣᠷᠴᠢᠯᠠᠩ ᠡᠴᠡ ᠠᠶᠠᠷᠯᠠᠵᠠᠢ ᠭᠡᠭᠦ ᠡᠴᠡ

ᠰᠠᠭᠠᠬᠠᠯᠳᠠ ᠣᠯᠠᠨ ᠤ ᠰᠡᠳᠭᠢᠯ ᠳᠤᠳᠤᠷ᠎ᠠ

ᠰᠠᠷᠠ ᠦᠭᠡᠶ ᠰᠦᠨᠢ ᠨᠦᠰᠠᠷᠠᠵᠤ ᠪᠠᠭᠤᠯ᠎ᠠ᠃


ᠦᠨᠦᠴᠢᠷᠠᠯ ᠤᠨ ᠬᠤᠤᠷ ᠢ ᠠᠮᠰᠠᠭᠰᠠᠨ ᠪᠠᠢ᠌ᠳᠠᠯ᠎ᠠ ᠪᠠᠨ ᠴᠢ

ᠥᠭᠦᠯ ᠶᠢᠡᠷ ᠴᠢᠯᠦᠭᠡᠯᠡᠭ᠍ᠳᠡᠭᠦ ᠶᠢ ᠶᠠᠭᠤᠨ ᠳᠤ ᠪᠣᠳᠤᠯ᠎ᠠ ︖

ᠦᠬᠢᠳ ᠤᠨ ᠶᠢᠡᠨ ᠬᠠᠮᠳᠤ ᠠᠮᠢᠳᠤᠷᠠᠴᠢᠬᠠᠬᠤ ᠶᠢ

ᠦᠷᠭᠡᠰᠤ ᠶᠠᠪᠣᠳᠠᠯ ᠶᠢᠡᠷ ᠭᠡᠷᠭᠢᠨ ᠰᠠᠨᠠᠯ᠎ᠠ ⁈


ᠨᠢ᠋ᠮᠠᠬᠠᠨ ᠨᠠᠰᠤᠳᠠᠢ ᠬᠤᠶᠠᠳᠤᠭᠠᠷ ᠭᠡᠦᠭᠡᠨ ᠴᠢᠨᠢ

ᠨᠢᠰᠤ ᠨᠢᠯᠪᠣᠰᠤᠨ ᠳᠠᠭᠠᠨ ᠪᠢᠯᠳᠠᠴᠢᠬᠠᠭᠠᠤᠨ

ᠡᠭᠡ ᠶᠢᠨ ᠶᠢᠡᠨ ᠪᠣᠩᠬᠤᠨ ᠳᠤ ᠡᠳᠦᠷᠵᠢᠨ ᠡᠷᠭᠢᠴᠡᠭᠡᠳ

ᠡᠯᠢᠭᠡ ᠣᠷᠠᠮ᠎ᠠ ᠵᠢᠵᠢᠭᠢᠨᠠᠨ ᠳᠠᠭᠤᠳᠠᠨ᠎ᠠ᠄


《ᠡᠵᠢ ᠡ ︕ ᠡᠵᠢ ᠡ ︕ ᠴᠢ ᠬᠠᠮᠢᠭ᠎ᠠ ᠪᠠᠢ᠌ᠨ᠎ᠠ ︖

ᠡᠷᠪᠠᠢ ᠨᠠᠮᠢ᠋ᠢ ᠪᠠᠨ ᠰᠠᠨᠠᠬᠤ ᠪᠠᠨ ᠪᠠᠢ᠌ᠪᠠᠤ ⁈

ᠡᠨᠡ ᠰᠦᠨᠢ ᠪᠢ ᠡ᠊ᠨᠳᠡ ᠬᠤᠨᠤᠨ᠎ᠠ

ᠢᠩᠭᠢᠪᠠᠯ ᠴᠢᠮ᠎ᠠ ᠲᠡᠶ ᠯᠠᠪ ᠠᠭᠤᠯᠵᠠᠨ᠎ᠠ ︕》


ᠵᠤᠬᠢᠶᠠᠭᠴᠢ᠄ ᠰ᠊·ᠠᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2627
ᠴᠠᠭ᠄ 2010 ᠤᠨ ᠤ 07 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ