☆ ᠬᠠᠰᠭᠢᠷᠤᠯ
ᠤᠰᠤ ᠡᠭᠦᠷᠳᠡᠭ᠌ ᠡᠪᠦᠯᠵᠢᠶᠡᠨ ᠤ ᠪᠠᠭᠤᠷᠢ
ᠬᠤᠳᠠᠨ ᠵᠠᠬ᠎ᠠ ᠡᠴᠠ ᠰᠠᠮᠠᠷᠠᠨ ᠪᠠᠯᠴᠢᠭᠦ ᠮᠠᠯ ᠶᠢᠡᠨ
ᠬᠤᠮᠢᠷᠠᠭᠤᠯᠠᠨ ᠬᠤᠷᠢᠶᠠᠭᠠᠤᠨ ᠠᠮᠢᠰᠬᠤᠵᠤ ᠢᠷᠡᠭᠦ ᠳ᠋ᠤ
ᠬᠤᠷᠭᠠᠰᠤ ᠦᠷᠤᠪᠳᠠᠨ ᠳᠦᠷᠵᠢᠭᠢᠨᠡᠭᠦ ᠭᠠᠯ
ᠭᠡᠷ ᠤᠨ ᠭᠠᠳᠠᠨ᠎ᠠ ᠰᠤᠨᠤᠰᠳᠠᠨ᠎ᠠ
ᠳᠤᠩᠪᠣ ᠰᠠᠭᠤᠯᠭ᠎ᠠ ᠪᠠᠨ ᠱᠠᠭᠰᠢᠭᠤᠯᠤᠨ
ᠡᠪᠦᠯᠵᠢᠶᠡᠨ ᠤ ᠭᠤᠤᠯ ᠵᠦᠷᠢᠭᠦ ᠳ᠋ᠤ
ᠳᠤᠭᠵᠢᠭᠠᠷ ᠬᠠᠷ᠎ᠠ ᠭᠦᠯᠦᠭᠡ ᠮᠢᠨᠢ
ᠭᠢᠠᠵᠢ ᠳᠤ ᠣᠭᠵᠤᠷᠠᠭᠳᠠᠨ ᠱᠤᠮᠪᠣᠢ᠌ᠵᠤ ᠬᠤᠴᠤᠷᠤᠨ᠎ᠠ
ᠮᠦᠰᠤᠳᠤ ᠶᠢᠨ ᠭᠤᠤᠯ ᠳᠠᠰ ᠭᠦᠯᠳᠡᠭᠦᠤ
ᠮᠦᠰᠤ ᠴᠠᠪᠴᠢᠭᠰᠠᠨ ᠰᠥᠭᠡ ᠪᠣᠯᠤᠷ ᠰᠠᠴᠤᠵᠤ ᠰᠢᠭᠢᠳᠤᠨᠡ ᠁
ᠴᠤᠭᠢᠭᠰᠠᠭᠠᠷ ᠪᠠᠢ᠌ᠳᠠᠯ᠎ᠠ ᠮᠦᠰᠤ ᠭᠡᠨᠡᠳᠭᠡᠨ ᠴᠤᠭᠤᠷᠴᠤ
ᠴᠤᠷᠭᠢᠭᠰᠠᠨ ᠣᠰᠤ ᠭᠤᠯᠭᠤᠳᠠᠨ ᠪᠠᠳᠠᠷᠠᠨ᠎ᠠ
ᠡᠵᠡᠨ ᠯᠤᠤᠰ ᠣᠰᠤ ᠪᠠᠨ ᠱᠤᠷᠭᠢᠭᠤᠯᠤᠨ ᠪᠠᠶᠠᠷᠯᠠᠵᠤ
ᠡᠷᠳᠡ ᠶᠢᠨ ᠨᠠᠷᠠ ᠰᠠᠭᠤᠯᠭᠠᠨ ᠳᠤ ᠴᠠᠯᠭᠢᠨ ᠪᠣᠴᠠᠨ᠎ᠠ
ᠭᠡᠵᠢᠮ ᠨᠤᠤᠰᠤ ᠨᠢ ᠰᠢᠷᠢᠯᠳᠦᠭ᠍ᠰᠡᠨ ᠵᠦᠷᠢᠭᠦᠤ ᠪᠣᠬ᠎ᠠ
ᠭᠦᠮᠤᠨ ᠡᠴᠠ ᠦᠷᠭᠦᠨ ᠰᠦᠷᠦᠭ᠌ ᠵᠥᠭ᠌ ᠶᠢᠡᠨ ᠭᠡᠯᠳᠦᠷᠢᠨ᠎ᠡ
ᠭᠡᠷ ᠤᠨ ᠬᠠᠶᠠᠭ᠎ᠠ ᠳᠦᠭᠦᠳᠡᠯ᠎ᠡ ᠭᠡᠡᠵᠡ ᠪᠣᠷᠤ ᠢᠰᠢᠭᠡ
ᠳᠡᠭ᠍ᠳᠡᠭᠡᠨᠡᠨ ᠢᠷᠡᠭᠡᠳ ᠰᠠᠭᠤᠯᠭ᠎ᠠ ᠲᠡᠶ ᠣᠰᠤ ᠦᠨᠦᠷᠯᠠᠨ ᠡᠷᠭᠡᠯᠡᠨ᠎ᠡ
ᠡᠭᠦᠷᠦᠭ᠍ᠰᠡᠨ ᠣᠰᠤ ᠪᠠᠨ ᠭᠡᠷ ᠤᠨ ᠪᠠᠭᠢᠰ ᠳ᠋ᠤ
ᠱᠠᠯᠢᠩ ᠱᠤᠯᠤᠩ ᠪᠠᠭᠤᠯᠭᠠᠬᠤ ᠳ᠋ᠤ
ᠡᠵᠢ ᠳᠠᠪᠣᠷ᠎ᠠ ᠣᠷᠤᠭᠤ ᠳᠤᠩᠪᠣ ᠳᠤᠩᠭᠣᠢ᠌ᠯᠭᠠᠨ
ᠭᠤᠷᠳᠢ ᠭᠤᠷᠳᠤ ᠭᠡᠳᠡᠯ᠎ᠡ ᠣᠰᠤ ᠳᠦᠭᠦᠷᠭᠡᠨ᠎ᠡ
ᠳᠤᠰᠤᠯ ᠮᠡᠯᠳᠡᠭᠡᠨᠡᠭ᠍ᠰᠡᠨ ᠳᠠᠪᠣᠷ᠎ᠠ ᠪᠠᠨ
ᠵᠤᠤᠬᠠᠨ ᠳᠤ ᠱᠢᠷᠵᠢᠭᠢᠨᠡᠭᠦᠯᠤᠨ ᠨᠡᠷᠡᠭᠦ ᠳ᠋ᠤ
ᠳᠤᠳᠤᠭᠤ ᠶᠢᠨ ᠠᠮᠢᠰᠬᠤᠭ᠎ᠠ ᠰᠢᠭ ᠴᠠᠭᠠᠨ ᠠᠭᠤᠷ
ᠭᠡᠷ ᠤᠨ ᠵᠤᠯᠠᠢ ᠡᠴᠠ ᠪᠣᠷᠭᠢᠯᠠᠨᠠ
ᠮᠠᠨ ᠤ ᠭᠡᠷ ᠤᠨ ᠠᠭᠠᠭ ᠲᠡᠶ ᠰᠢᠷᠭᠠᠯ ᠴᠠᠢ ᠳᠠᠷᠭᠢᠵᠤ ᠪᠣᠴᠠᠯᠤᠨ᠎ᠠ
ᠮᠠᠯᠴᠢᠨ ᠠᠢ᠌ᠯ ᠤᠨ ᠠᠮᠢᠳᠤᠷᠠᠯ ᠢᠩᠭᠢᠵᠤ ᠯᠠ ᠡᠭᠢᠯᠡᠨ᠎ᠡ
ᠦᠴᠦᠭᠡᠳᠦᠷᠭᠡᠨ ᠶᠤᠮ ᠰᠢᠭ ᠪᠠᠭ᠎ᠠ ᠶᠢᠨ ᠦᠶ᠎ᠡ ᠮᠢᠨᠢ ᠰᠠᠢ᠌ᠬᠠᠨ
ᠣᠰᠤ ᠡᠭᠦᠷᠳᠡᠭ᠌ ᠪᠠᠢ᠌ᠭᠰᠠᠨ ᠡᠪᠦᠯᠵᠢᠶᠡᠨ ᠤ ᠪᠠᠭᠤᠷᠢ ᠮᠢᠨᠢ ᠳᠤᠯᠠᠭᠠᠬᠠᠨ ᠁
ᠵᠤᠬᠢᠶᠠᠭᠴᠢ ᠶᠢᠨ ᠬᠠᠶᠢᠭ ᠄ ᠳᠡᠯᠡᠭᠡᠢ ᠬᠤᠳᠠ
ᠵᠤᠬᠢᠶᠠᠭᠴᠢ᠄ ᠬᠠᠰᠭᠢᠷᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2634
ᠴᠠᠭ᠄ 2011 ᠤᠨ ᠤ 04 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ