☆ ᠴᠤ᠋·ᠣᠷᠭᠢᠯᠳᠤ
ᠳᠤᠷ᠎ᠠ ᠭᠡᠭ᠍ᠴᠢ ᠠᠷᠭ᠎ᠠ ᠥᠭᠡᠢ
ᠵᠡᠭᠡᠯᠢ ᠶᠢᠨ ᠵᠠᠬ᠎ᠠ ᠡᠴᠠ
ᠭᠦᠭ᠍ᠵᠢᠮ ᠤᠨ ᠠᠶᠠᠰ ᠴᠤᠤᠷᠢᠶᠠᠳᠤᠨ᠎ᠠ
ᠬᠤᠪᠣᠷ ᠴᠤᠬᠠᠭ ᠨᠠᠷᠠᠳᠤ ᠳᠠᠸᠠᠷ ᠵᠠᠷᠯᠠᠨ᠎ᠠ
ᠮᠸᠲ᠋ᠷ ᠥᠡᠳᠦᠷᠭᠡᠨ ᠭᠤᠶᠤ ᠳᠠᠢ᠌ᠰᠠᠨ ᠳᠡᠭᠡᠷ᠎ᠡ
ᠠᠯᠢᠮ᠎ᠠ ᠶᠢᠨ ᠣᠯᠠᠭᠠᠨ ᠭᠦᠭᠦᠪᠴᠢ ᠵᠡᠭᠦᠭ᠍ᠰᠡᠨ
ᠬᠤᠨ ᠴᠠᠭᠠᠨ ᠠᠯᠠᠪᠴᠢ ᠳᠠᠷᠤᠭᠰᠠᠨ ᠠᠪᠠᠬᠠᠢ
ᠬᠣᠢ᠌ᠰᠢ ᠪᠠᠨ ᠠᠯᠬᠤᠭᠠᠤᠨ
ᠣᠷᠤᠭᠰᠢ ᠪᠠᠨ ᠨᠠᠭᠢᠯᠵᠠᠨᠠ
ᠣᠳᠠ ᠶᠢᠨ ᠨᠤᠭᠤᠭᠠᠨ ᠭᠦᠭᠦᠪᠴᠢ ᠵᠡᠭᠦᠭ᠍ᠰᠡᠨ
ᠮᠢᠬᠠᠨ ᠰᠢᠷ᠎ᠠ ᠠᠯᠠᠪᠴᠢ ᠳᠠᠷᠤᠭᠰᠠᠨ ᠠᠪᠠᠬᠠᠢ
ᠣᠷᠤᠭᠰᠢ ᠪᠠᠨ ᠠᠯᠬᠤᠭᠠᠤᠨ
ᠬᠣᠢ᠌ᠰᠢ ᠪᠠᠨ ᠨᠠᠢ᠌ᠭᠤᠯᠵᠠᠨᠠ᠃
ᠣᠮᠳᠠᠭᠠᠰᠴᠤ ᠠᠩᠭ᠋ᠠᠭᠰᠠᠨ ᠢᠮᠠᠭᠠᠤᠨ
ᠣᠩᠭ᠋ᠤᠴᠠ ᠣᠯᠤᠭᠠᠤᠨ ᠥᠵᠡᠭ᠍ᠰᠡᠨ ᠰᠢᠭ᠌
ᠭᠦᠵᠦᠭᠦᠪᠴᠢ ᠣᠶᠠᠭᠠᠨ ᠳᠤ ᠬᠠᠰᠢᠷᠠᠭᠰᠠᠨ ᠨᠤᠬᠠᠢ
ᠭᠢᠠᠵᠢ ᠡᠴᠠ ᠪᠠᠨ ᠮᠤᠯᠳᠤᠷᠠᠭᠠᠤᠨ ᠳᠠᠯᠪᠢᠭᠳᠠᠭᠰᠠᠨ ᠰᠢᠭ᠌
ᠣᠭ ᠲᠤ ᠪᠠᠨ ᠳᠤᠭᠳᠠᠵᠤ ᠶᠠᠳᠠᠭᠰᠠᠨ ᠪᠣᠯᠤ
ᠣᠷᠤᠢ ᠡᠴᠠ ᠳᠤᠷᠤᠭᠰᠢ ᠦᠩᠭᠦᠷᠢᠭ᠍ᠰᠡᠨ ᠰᠢᠭ᠌
ᠦᠳᠡ ᠣᠷᠤᠢ ᠦᠭᠡᠶ ᠣᠷᠤᠩᠨᠠᠵᠤ ᠪᠠᠢ᠌ᠭᠰᠠᠨ ᠵᠤᠤᠬ᠎ᠠ
ᠵᠢᠪᠠᠷ ᠳᠠᠭᠠᠷᠠᠭᠠᠤᠨ ᠰᠢᠳᠠᠬᠤ ᠰᠢᠭ᠌
ᠵᠡᠭᠡᠯᠢ ᠶᠢᠨ ᠭᠦᠮᠦᠰ
ᠨᠢᠭᠡ ᠨᠢᠭᠡ ᠡᠴᠠ ᠪᠠᠨ ᠠᠮᠵᠢᠭᠤᠯᠤᠭᠠᠤᠨ
ᠨᠢᠭᠡᠨ ᠵᠢᠭ᠍ᠳᠡ ᠪᠠᠷ ᠨᠠᠮᠤᠭᠤᠬᠠᠨ ᠴᠤᠭᠯᠠᠷᠠᠪᠠ᠃
ᠵᠡᠭᠡᠯᠢ ᠪᠠᠷ ᠳᠠᠪᠭᠢᠭᠤᠯᠤᠭᠰᠠᠨ ᠵᠢᠯᠤᠭᠤᠴᠢ
ᠬᠤᠷᠳᠤᠴᠠ ᠪᠠᠨ ᠪᠠᠭᠠᠰᠠᠬᠠᠭᠠᠤᠨ ᠮᠠᠯᠠᠷᠠᠨᠡ
ᠲᠤᠬᠤᠢ᠌ᠯᠠᠵᠤ ᠨᠢᠯᠤᠩᠳᠠᠭᠰᠠᠨ ᠪᠦᠰᠡᠭᠦᠢ
ᠠᠪᠣᠭᠠᠢ ᠪᠠᠨ ᠴᠢᠮᠭᠢᠭᠡᠳ ᠴᠠᠴᠠᠷᠠᠨ᠎ᠡ
ᠵᠠᠮ ᠤᠨ ᠴᠠᠭᠳᠠᠭ᠎ᠠ ᠡᠭᠦᠷᠭᠡ ᠪᠠᠨ
ᠭᠦᠢᠴᠡᠳᠭᠡᠭᠡᠳ ᠬᠠᠰᠭᠢᠷᠤᠨ᠎ᠠ
ᠵᠠᠮ ᠤᠨ ᠵᠠᠬ᠎ᠠ ᠳᠤ ᠭᠡᠳᠤᠨ ᠡᠪᠦᠭᠡᠨ
ᠭᠦᠮᠤᠨ ᠭᠡᠭ᠍ᠴᠢ ᠮᠠᠯ ᠡᠴᠠ ᠳᠤᠤᠷ᠎ᠠ ᠭᠡᠳ ᠰᠠᠷᠠᠪᠴᠢᠯᠠᠨ᠎ᠠ᠃
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠡᠩᠭᠡᠨ ᠬᠤᠰᠢᠭᠤᠨ ᠤ ᠬᠠᠤᠯᠢ ᠴᠠᠭᠠᠵᠠ ᠶᠢᠨ ᠳᠤᠪᠴᠢᠶ᠎ᠠ
ᠵᠤᠬᠢᠶᠠᠭᠴᠢ᠄ ᠴᠤ᠋·ᠣᠷᠭᠢᠯᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2635
ᠴᠠᠭ᠄ 2012 ᠤᠨ ᠤ 02 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ