☆ ᠱᠠ᠊·ᠬᠠᠳᠠᠪᠴᠢ
ᠳᠡᠭ᠍ᠷᠯᠢᠭ᠌ ᠭᠦᠮᠤᠨ ᠳᠤᠷ ᠥᠴᠢᠯᠡᠭᠦᠢ
ᠳᠡᠭ᠍ᠷᠢ ᠶᠢᠨ ᠳᠤᠷᠤᠨ᠎ᠠ ᠭᠢᠵᠠᠭᠠᠷ ᠳᠤ
ᠳᠡᠯᠢᠭᠦᠨ ᠪᠣᠯᠳᠠᠭ ᠭᠡᠮᠡᠭᠦ ᠳᠤᠮᠤᠭ ᠶᠢᠨ ᠶᠤᠮᠰᠢᠭ ᠨᠢᠭᠡ ᠭᠠᠵᠠᠷ ᠪᠠᠢ᠌ᠳᠠᠭ
ᠳᠠᠠᠳᠠ ᠳᠡᠷᠳᠡᠭᠡ ᠨᠢ᠋ᠮᠠᠨ ᠵᠠᠭᠤᠨ ᠤ ᠴᠠᠭᠠᠨ᠎ᠠ ᠡᠴᠡ
ᠳᠡᠦᠭᠡ ᠶᠢᠨ ᠨᠢᠭᠡᠨ ᠭᠦᠮᠤᠨ ᠣᠷᠭᠤᠪᠠ᠁
ᠳᠠᠷᠠ ᠭᠦᠮᠤᠨ ᠦᠰᠢᠯ ᠬᠤᠠᠵᠢᠩ ᠤᠨ ᠳᠤᠮᠳᠠ ᠣᠷᠭᠤᠪᠠ
ᠳᠠᠷᠠ ᠭᠦᠮᠤᠨ ᠥᠭᠡᠭᠦᠤ ᠬᠤᠭᠤᠰᠤᠨ ᠤ ᠳᠤᠮᠳᠠ ᠣᠷᠭᠤᠪᠠ
ᠳᠠᠷᠠ ᠭᠦᠮᠤᠨ ᠳᠠᠷᠬᠠᠢ ᠪᠣᠳᠠᠷᠬᠠᠢ ᠣᠯᠠᠨ ᠠᠢ᠌ᠮᠠᠭ ᠤᠨ ᠳᠤᠮᠳᠠ ᠣᠷᠭᠤᠪᠠ
ᠳᠠᠷᠠ ᠭᠦᠮᠤᠨ ᠳᠠᠢ᠌ᠨ ᠤ ᠭᠠᠯ ᠤᠨ ᠰᠤᠷ ᠨᠢ ᠪᠣᠯᠵᠤ ᠣᠷᠭᠤᠪᠠ᠁
ᠳᠠᠷᠠ ᠭᠦᠮᠤᠨ 《ᠮᠥᠩᠭᠡ ᠳᠡᠭ᠍ᠷᠢ ᠶᠢᠨ ᠭᠦᠴᠤᠨ》 ᠵᠢᠡᠷ ᠬᠠᠮᠤᠭ ᠮᠤᠩᠭ᠋ᠤᠯ ᠢ ᠨᠢᠭᠳᠠᠷᠠᠭᠤᠯᠵᠤ ᠴᠢᠳᠠᠪᠠ
ᠳᠠᠷᠠ ᠭᠦᠮᠤᠨ 《ᠶᠡᠭᠡ ᠵᠠᠰᠠᠭ》 ᠤᠨ ᠬᠠᠤᠯᠢ ᠪᠠᠷ ᠳᠤᠯᠭᠤᠷ ᠲᠦᠷᠦ ᠪᠠᠨ ᠪᠠᠳᠤᠳᠭᠠᠵᠤ ᠴᠢᠳᠠᠪᠠ
ᠳᠠᠷᠠ ᠭᠦᠮᠤᠨ ᠠᠽᠢᠶ᠎ᠠ ᠧᠦ᠋ᠷᠦᠫᠠ ᠢ ᠠᠭᠳᠠ ᠶᠢᠨ ᠵᠢᠯᠤᠭᠤᠨ ᠳᠠᠭᠠᠨ ᠬᠤᠷᠢᠶᠠᠵᠤ ᠴᠢᠳᠠᠪᠠ
ᠳᠠᠷᠠ ᠭᠦᠮᠤᠨ ᠠᠷᠪᠠᠳᠤ ᠵᠠᠭᠤᠳᠤ ᠮᠢᠩᠭ᠋ᠠᠳᠤ᠁ ᠶᠢᠨ ᠳᠦᠷᠢᠮ ᠶᠢᠡᠷ ᠠᠷᠮᠢ ᠴᠡᠷᠢᠭ᠌ ᠤᠨ
ᠬᠤᠪᠢᠶᠠᠷᠯᠠᠯ ᠢ ᠳᠡᠯᠡᠭᠡᠢ ᠳᠤ ᠬᠠᠮᠤᠭ ᠡᠷᠳᠡ ᠪᠠᠢ᠌ᠭᠤᠯᠪᠠ
ᠳᠠᠷᠠ ᠭᠦᠮᠤᠨ ᠠᠷᠠᠰᠤᠳᠠᠨ ᠶᠠᠰᠤᠳᠠᠨ ᠭᠡᠵᠤ ᠢᠯᠭᠠᠯ ᠦᠭᠡᠶ
ᠠᠷᠠᠳᠴᠢᠯᠠᠯ ᠤᠨ ᠣᠯᠤᠰ ᠲᠦᠷᠦ ᠶᠢ ᠬᠠᠮᠤᠭ ᠠᠩᠬ᠎ᠠ ᠭᠡᠷᠡᠭ᠍ᠵᠢᠭᠦᠯᠪᠡ
ᠳᠠᠷᠠ ᠭᠦᠮᠤᠨ 13 ᠳ᠋ᠤᠭᠠᠷ ᠵᠠᠭᠤᠨ ᠤ ᠴᠢᠩᠭᠢᠰ ᠵᠤᠷᠢᠭ ᠢ ᠡᠭᠦᠳᠪᠡ
ᠳᠠᠷᠠ ᠭᠦᠮᠤᠨ ᠠᠯᠤᠰ ᠬᠣᠢ᠌ᠰᠢ ᠦᠶ᠎ᠡ ᠶᠢᠨ ᠭᠦᠮᠤᠨ ᠳᠤ ᠴᠢᠩᠭᠢᠰ ᠨᠢᠭᠤᠴᠠ ᠶᠢ ᠥᠯᠡᠳᠡᠭᠡᠪᠡ
ᠳᠠᠷᠠ ᠭᠦᠮᠤᠨ ᠮᠥᠷᠭᠦᠯ ᠱᠠᠰᠢᠨ ᠤ ᠠᠯᠢᠨ ᠳᠤ ᠴᠤ 《ᠴᠢᠯᠦᠭᠡᠳᠡᠢ ᠪᠣᠳᠤᠯᠭ᠎ᠠ》 ᠵᠢ ᠭᠡᠷᠡᠭ᠍ᠵᠢᠭᠦᠯᠵᠤ
ᠭᠦᠮᠤᠨ ᠲᠦᠷᠦᠯᠭᠢᠳᠠᠨ ᠤ ᠠᠩᠬᠠᠳᠤᠭᠴᠢ ᠶᠡᠭᠡ ᠳᠠᠶᠠᠭᠠᠷᠴᠢᠯᠠᠯ ᠢ ᠠᠪᠴᠢᠷᠠᠪᠠ
ᠳᠠᠷᠠ ᠭᠦᠮᠤᠨ ᠮᠤᠩᠭ᠋ᠤᠯ ᠮᠤᠷᠢᠳ ᠤᠨ ᠬᠤᠷᠳᠤ ᠶᠢ ᠰᠣᠢ᠌ᠭᠰᠠᠨ 《ᠣᠯᠠᠭ᠎ᠠ ᠥᠷᠳᠡᠭᠡ》 ᠵᠢ ᠪᠠᠢ᠌ᠭᠤᠯᠤᠨ
ᠳᠡᠯᠡᠭᠡᠢ ᠶᠢᠨ ᠠᠩᠬᠠᠳᠤᠭᠴᠢ 《ᠬᠤᠷᠳᠤᠨ ᠤ ᠵᠠᠮ ᠤᠨ ᠢᠠᠲ᠋ᠸᠷᠨᠧᠲ᠋ ᠰᠦᠯᠵᠢᠶ᠎ᠠ》 ᠵᠢ ᠪᠠᠢ᠌ᠭᠤᠯᠪᠠ
ᠳᠠᠷᠠ ᠭᠦᠮᠤᠨ ᠲᠦᠷᠦ ᠳᠤ ᠵᠢᠦᠡᠭᠦᠭ᠍ᠰᠡᠨ ᠠᠠᠳᠠ ᠪᠠᠨ 《ᠨᠤᠬᠠᠢ》 ᠭᠡᠵᠤ ᠬᠠᠢ᠌ᠷᠠᠯᠠᠨ ᠬᠤᠴᠠᠯᠠᠳᠠᠭ
ᠳᠠᠷᠠ ᠭᠦᠮᠤᠨ ᠳᠦᠷᠢᠮᠡᠭᠡᠢ᠌ᠯᠡᠵᠤ ᠬᠠᠯᠳᠠᠭᠰᠠᠨ ᠭᠦᠮᠤᠨ ᠢ ᠳᠠᠢ᠌ᠰᠤᠨ ᠭᠡᠵᠤ ᠬᠤᠷᠤᠰᠤᠨ ᠭᠢᠷᠠᠭᠠᠳᠠᠭ
ᠳᠠᠷᠠ ᠭᠦᠮᠤᠨ ᠳᠤᠳᠠᠭᠠᠵᠤ ᠶᠠᠪᠣᠭ᠎ᠠ ᠭᠦᠮᠤᠨ ᠤ ᠬᠣᠢ᠌ᠨ᠎ᠠ ᠡᠴᠡ ᠰᠤᠮᠤ ᠪᠢᠳᠡᠭᠡᠢ ᠬᠠᠷᠪᠣ ᠭᠡᠵᠤ
ᠪᠠᠭᠠᠳᠤᠷ ᠭᠦᠮᠤᠨ ᠢ ᠪᠠᠬᠠᠷᠬᠠᠳᠠᠭ
ᠳᠠᠷᠠ ᠭᠦᠮᠤᠨ ᠲᠦᠷᠦ ᠵᠠᠰᠠᠭ ᠳᠠᠭᠠᠨ ᠡᠮᠡᠭ᠍ᠳᠡᠢ ᠭᠦᠮᠤᠨ ᠢ ᠭᠦᠡᠳᠦᠯᠡᠨ ᠭᠡᠷᠡᠭᠯᠡᠵᠤ
ᠣᠯᠠᠮᠵᠢᠯᠠᠯ ᠢ ᠡᠪᠳᠡᠪᠡ
ᠳᠠᠷᠠ ᠭᠦᠮᠤᠨ ᠳᠦᠷᠦᠭᠦᠴᠢ ᠮᠢᠩᠭ᠋ᠠᠨ ᠣᠨ ᠤ ᠬᠠᠮᠤᠭ ᠤᠨ ᠠᠭᠤᠤ ᠭᠦᠮᠤᠨ ᠶᠢᠡᠷ ᠥᠨᠡᠯᠡᠭ᠍ᠳᠡᠪᠡ
ᠳᠠᠷᠠ ᠭᠦᠮᠤᠨ ᠢ ᠳᠡᠭ᠍ᠷᠯᠢᠭ᠌ ᠭᠦᠪᠠᠭᠦᠨ ᠊᠊᠊᠊᠊᠊᠊᠊᠊᠊᠊᠊᠊᠊᠊ ᠴᠢᠩᠭᠢᠰ ᠬᠠᠭᠠᠨ ᠭᠡᠳᠡᠭ᠌
ᠳᠠᠷᠠ ᠭᠦᠮᠤᠨ ᠢ ᠳᠡᠭ᠍ᠷᠢ ᠭᠠᠵᠠᠷ ᠤᠨ ᠳᠤᠮᠳᠠᠭᠢ ᠪᠣᠰᠤᠭ᠎ᠠ ᠮᠤᠩᠭ᠋ᠤᠯ ᠭᠡᠳᠡᠭ᠌
ᠳᠠᠷᠠ ᠭᠦᠮᠤᠨ ᠢ ᠳᠢᠪ ᠳᠡᠯᠡᠭᠡᠢ ᠶᠢᠨ ᠶᠡᠭᠡ ᠡᠵᠡᠨ ᠪᠣᠭᠳᠠ ᠭᠡᠳᠡᠭ᠌
ᠳᠠᠷᠠ ᠭᠦᠮᠤᠨ ᠢ ᠶᠢᠷᠳᠢᠠᠴᠤ ᠶᠢ ᠳᠠᠢ᠌ᠯᠠᠨ ᠳᠠᠭᠠᠭᠤᠯᠤᠭᠴᠢ ᠬᠠᠭᠠᠨ ᠭᠡᠳᠡᠭ᠌
ᠳᠠᠷᠠ ᠭᠦᠮᠤᠨ ᠳᠦᠷᠪᠡᠨ ᠭᠦᠪᠠᠭᠦᠤᠨ ᠳᠡᠭᠡᠨ ᠲᠦᠷᠦ ᠣᠯᠤᠰ ᠶᠢᠡᠨ ᠬᠤᠪᠢᠶᠠᠨ
ᠥᠮᠴᠢᠯᠡᠭᠦᠯᠪᠡ
ᠳᠠᠷᠠ ᠭᠦᠮᠤᠨ ᠳᠡᠯᠡᠭᠡᠢ ᠳᠠᠶᠠᠭᠠᠷ ᠲᠤ ᠮᠤᠩᠭ᠋ᠤᠯ ᠭᠦᠮᠤᠨ ᠢ ᠳᠠᠷᠬᠠᠭᠠᠵᠤ ᠳᠠᠯᠪᠢᠪᠠ
ᠳᠠᠷᠠ ᠭᠦᠮᠤᠨ ᠳᠤᠷᠤᠨᠠᠳᠠᠭᠢᠨ ᠦᠷᠦᠨᠠᠳᠠᠭᠢᠨ ᠤ ᠬᠤᠭᠤᠷᠤᠠᠳᠤ
ᠬᠤᠳᠠᠯᠳᠠᠭᠠᠨ ᠤ ᠶᠠᠭᠠᠷᠮᠠᠭ ᠢ ᠪᠠᠢ᠌ᠭᠤᠯᠪᠠ
ᠳᠠᠷᠠ ᠭᠦᠮᠤᠨ ᠳᠤᠷᠤᠨᠠᠳᠤ ᠶᠢᠨ ᠶᠡᠭᠡ ᠭᠡᠭᠡᠷ᠎ᠡ ᠡᠴᠡ ᠦᠷᠦᠨᠠᠰᠢ
ᠮᠤᠩᠭ᠋ᠤᠯ ᠮᠤᠷᠢᠨ ᠤ ᠳᠤᠭᠤᠷᠠᠢ ᠭᠦᠷᠦᠭ᠍ᠰᠡᠨ ᠭᠠᠵᠠᠷ ᠪᠦᠭᠦᠨ ᠢ
ᠶᠡᠭᠡ ᠮᠤᠩᠭ᠋ᠤᠯ ᠤᠨ ᠨᠤᠳᠤᠭ ᠭᠡᠵᠤ ᠦᠷ᠎ᠡ ᠬᠣᠢ᠌ᠴᠢᠰ ᠲᠠᠭᠠᠨ ᠵᠠᠭᠢᠪᠠ
ᠳᠠᠷᠠ ᠭᠦᠮᠤᠨ ᠭᠠᠭᠴᠠᠬᠦ 《ᠨᠤᠮᠤ ᠳᠠᠯᠢᠨ ᠪᠦᠷᠭᠦᠤᠨ ᠨᠠᠮᠨᠠᠳᠠᠭ》 ᠠᠩᠴᠢᠨ ᠪᠢᠰᠢ
ᠳᠠᠷᠠ ᠭᠦᠮᠤᠨ ᠭᠠᠵᠠᠷ ᠳᠡᠭᠡᠷ᠎ᠡ ᠨᠢᠭᠡ ᠣᠯᠠᠨ ᠭᠠᠢ᠌ᠬᠠᠮᠰᠢᠭ ᠢ ᠪᠦᠳᠦᠭᠡᠭ᠍ᠰᠡᠨ
ᠠᠭᠤᠤ ᠭᠦᠮᠤᠨ ᠮᠦᠨ
ᠳᠠᠷᠠ ᠭᠦᠮᠤᠨ ᠭᠠᠵᠠᠷ ᠳᠤᠤᠷ᠎ᠠ ᠨᠢᠭᠡ ᠣᠯᠠᠨ 《ᠨᠢᠭᠤᠴᠠ》 ᠬᠠᠳᠠᠭᠠᠯᠠᠭᠰᠠᠨ
ᠰᠢᠳᠢᠳᠤ ᠭᠦᠮᠤᠨ ᠮᠦᠨ
ᠳᠠᠷᠠ ᠭᠦᠮᠤᠨ ᠭᠠᠩ ᠰᠠᠯᠠᠮ᠎ᠠ ᠶᠢᠨ ᠶᠢᠡᠨ ᠢᠷ ᠶᠢᠡᠷ
ᠭᠠᠵᠠᠷ ᠤᠨ ᠪᠦᠮᠪᠦᠷᠴᠡᠭ᠌ ᠤᠨ ᠮᠠᠩᠨᠠᠢ ᠳᠤ
ᠮᠤᠩᠭ᠋ᠤᠯ ᠭᠡᠵᠤ ᠪᠢᠴᠢᠭ᠍ᠯᠡᠭ᠍ᠰᠡᠨ ᠳᠡᠭ᠍ᠷᠯᠢᠭ᠌ ᠭᠦᠮᠤᠨ ᠮᠦᠨ
ᠳᠠᠷᠠ ᠭᠦᠮᠤᠨ ᠬᠤᠵᠢᠮ ᠤᠨ ᠭᠦᠮᠦᠰ ᠲᠤ ᠳᠡᠯᠡᠭᠡᠢ ᠶᠢᠨ ᠮᠤᠩᠭ᠋ᠤᠯ ᠰᠤᠳᠤᠯᠭᠠᠨ ᠤ
ᠰᠤᠨᠢᠭᠤᠴᠢ ᠶᠢ ᠠᠪᠴᠢᠷᠠᠵᠤ ᠥᠭ᠍ᠪᠡ
ᠳᠠᠷᠠ ᠭᠦᠮᠤᠨ ᠬᠣᠢ᠌ᠰᠢ ᠦᠶ᠎ᠡ ᠳᠡᠭᠡᠨ ᠭᠢᠵᠠᠭᠠᠷ ᠦᠭᠡᠶ ᠦᠪ ᠭᠦᠷᠦᠩᠭᠡ ᠥᠯᠡᠳᠡᠭᠡᠵᠤ ᠥᠭ᠍ᠪᠡ
ᠳᠠᠷᠠ ᠭᠦᠮᠤᠨ ᠬᠠᠮᠤᠭ ᠮᠤᠩᠭ᠋ᠤᠯ ᠤᠨ ᠡᠪᠦᠭᠡ ᠳᠡᠭᠡᠳᠤ ᠊᠊᠊᠊᠊᠊᠊᠊᠊᠊᠊᠊᠊᠊᠊ ᠴᠢᠩᠭᠢᠰ ᠬᠠᠭᠠᠨ ᠮᠦᠨ
ᠳᠠᠷᠠ ᠭᠦᠮᠤᠨ ᠬᠠᠨ ᠬᠤᠷᠮᠤᠰᠳᠠ ᠳᠤ ᠮᠥᠩᠭᠡ ᠶᠢᠨ ᠰᠢᠳᠢ ᠲᠡᠶ ᠮᠤᠩᠭ᠋ᠤᠯ ᠭᠦᠮᠤᠨ ᠮᠦᠨ
2008 ᠣᠨ ᠤ 1 ᠰᠠᠷ᠎ᠠ ᠪᠠᠭᠡᠵᠢᠩ ᠳᠤ
ᠪᠠᠭᠡᠵᠢᠩ 《ᠶᠡᠭᠡ ᠊᠊᠊᠊᠊᠊᠊᠊᠊᠊᠊᠊᠊᠊᠊ ᠠᠶᠠᠨ》 ᠣᠯᠠᠨ ᠣᠯᠤᠰ ᠤᠨ ᠵᠢᠭᠤᠯᠴᠠᠯ ᠤᠨ ᠥᠢᠯᠡᠴᠢᠯᠡᠭᠡᠨ ᠤ ᠺᠤᠮᠫᠠᠨᠢ
ᠵᠤᠬᠢᠶᠠᠭᠴᠢ᠄ ᠱᠠ᠊·ᠬᠠᠳᠠᠪᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 3093
ᠴᠠᠭ᠄ 2009 ᠤᠨ ᠤ 03 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ