ᠨᠡᠪᠲᠡᠷᠡᠨ ᠤᠷᠤᠬᠤ
ᠴᠠᠰᠤ ᠴᠢ

ᠳᠡᠯᠡᠭᠡᠢ ᠡᠵᠢ ᠳᠤ ᠪᠠᠯᠡᠭᠯᠡᠭ᠍ᠰᠡᠨ

ᠳᠡᠭ᠍ᠷᠢ ᠶᠢᠨ ᠴᠠᠭᠠᠨ ᠬᠠᠳᠠᠭ ᠦᠦ ᠴᠢ ︖

ᠳᠡᠯᠭᠡᠷ ᠬᠠᠩᠭ᠋ᠠᠢ ᠮᠢᠨᠢ ᠪᠠᠶᠠᠰᠤᠭᠠᠤᠨ

ᠳᠡᠭᠡᠷ᠎ᠡ ᠡᠷᠭᠦᠨ ᠳᠤᠰᠴᠤ ᠪᠠᠢ᠌ᠨ᠎ᠠ


ᠥᠡᠳᠦᠷᠯᠢᠭ᠌ ᠠᠪᠣ ᠶᠢᠨ ᠭᠦᠭᠡᠷᠭᠡᠯᠡᠭ᠍ᠰᠡᠨ

ᠥᠩᠭᠡ ᠴᠠᠭᠠᠨ ᠳᠠᠪᠠᠯ ᠦᠦ ᠴᠢ︖

ᠡᠩᠭᠡᠷ ᠬᠤᠷᠮᠤᠢ ᠳᠤ ᠨᠢ ᠬᠤᠴᠢᠭᠳᠠᠴᠢᠬᠠᠭᠠᠤᠨ

ᠡᠭᠡ ᠪᠠᠢ᠌ᠭᠠᠯᠢ ᠪᠠᠶᠠᠰᠴᠤ ᠪᠠᠢ᠌ᠨ᠎ᠠ


ᠬᠠᠢ᠌ᠷᠠᠬᠠᠨ ᠠᠭᠤᠯᠠᠰ ᠳᠠᠯ᠎ᠠ ᠶᠢᠨ ᠮᠢᠨᠢ

ᠬᠤᠷᠠᠭᠠᠨ ᠴᠠᠭᠠᠨ ᠮᠠᠯᠠᠭᠠᠢ ᠦᠦ ᠴᠢ ︖

ᠡᠪᠦᠯ ᠭᠦᠤ ᠵᠡᠭᠦᠴᠢᠭᠡᠭᠡᠳ ᠭᠤᠶᠤᠯᠠᠬᠤ ᠳ᠋ᠤ

ᠬᠠᠪᠣᠷ ᠭᠡᠦᠭᠡᠨ ᠠᠳᠠᠭᠠᠷᠬᠠᠨ ᠪᠣᠯᠢᠶᠠᠯᠴᠠᠵᠤ ᠪᠠᠢ᠌ᠨ᠎ᠠ


ᠣᠮᠠᠷᠠᠳᠤ ᠭᠠᠵᠠᠷ ᠶᠢᠡᠨ ᠰᠢᠮᠡᠳᠭᠡᠭᠦ

ᠣᠭᠤᠷᠠᠭ ᠴᠠᠭᠠᠨ ᠰᠢᠮ᠎ᠠ ᠦᠦ ᠴᠢ ︖

ᠣᠷᠤᠭᠤᠯ ᠠᠮᠠ ᠪᠠᠨ ᠳᠠᠮᠰᠢᠶᠠᠭᠠᠤᠨ

ᠣᠷᠭᠤᠮᠠᠯᠳᠤ ᠭᠦᠷᠦᠰᠤ ᠨᠢ ᠠᠮᠳᠠᠷᠬᠠᠵᠤ ᠪᠠᠢ᠌ᠨ᠎ᠠ


ᠭᠤᠤᠯ ᠭᠤᠷᠤᠬ᠎ᠠ ᠳᠠᠭᠠᠨ ᠨᠡᠮᠡᠷᠢᠯᠡᠭᠦ

ᠭᠢᠯᠠᠯᠵᠠᠮ᠎ᠠ ᠴᠠᠭᠠᠨ ᠰᠤᠪᠣᠤᠨ ᠦᠦ ᠴᠢ ︖

ᠭᠠᠵᠠᠷ ᠤᠨ ᠰᠤᠳᠠᠰᠤᠨ ᠳᠤ ᠣᠷᠤᠴᠢᠬᠠᠭᠠᠤᠨ

ᠭᠤᠷᠴᠢᠭᠢᠨᠠᠬᠤ ᠳᠠᠭᠤ ᠶᠢ ᠨᠢ ᠡᠷᠴᠢᠯᠡᠵᠤ ᠪᠠᠢ᠌ᠨ᠎ᠠ


ᠬᠠᠭᠤᠷᠠᠢ ᠭᠠᠩ ᠢ ᠳᠠᠷᠤᠬᠤ

ᠬᠤᠶᠠᠭ ᠴᠠᠭᠠᠨ ᠴᠡᠷᠢᠭ᠌ ᠦᠦ ᠴᠢ ︖

ᠬᠣᠢ᠌ᠰᠭᠢᠨᠠᠬᠤ ᠰᠠᠯᠭᠢ ᠠᠶᠤᠴᠢᠬᠠᠭᠠᠤᠨ

ᠬᠤᠰᠢᠭᠤ ᠬᠤᠩᠰᠢᠶᠠᠷ ᠶᠢᠡᠨ ᠨᠢᠭᠤᠵᠤ ᠪᠠᠢ᠌ᠨ᠎ᠠ


ᠬᠤᠮᠠᠭᠢ ᠬᠤᠷᠤᠬᠠᠢ ᠶᠢ ᠣᠰᠠᠳᠬᠠᠬᠤ

ᠬᠤᠢ ᠴᠠᠭᠠᠨ ᠰᠠᠯᠠᠮ᠎ᠠ ᠦᠦ ᠴᠢ ︖

ᠬᠠᠯᠳᠠᠪᠣᠷᠢᠳᠤ ᠪᠠᠺᠲ᠋ᠸᠷᠢ ᠰᠥᠷᠳᠡᠴᠢᠭᠡᠭᠡᠳ

ᠬᠤᠯᠤᠪ ᠭᠦᠯᠦᠪ ᠴᠠᠴᠠᠷᠠᠵᠤ ᠪᠠᠢ᠌ᠨ᠎ᠠ


ᠪᠣᠭᠢᠷᠳᠠᠯᠳᠤ ᠣᠷᠴᠢᠨ ᠢ ᠴᠡᠪᠠᠷᠰᠢᠭᠦᠯᠭᠦ

ᠪᠣᠷᠬᠠᠨ ᠤ ᠴᠠᠭᠠᠨ ᠮᠤᠳᠤᠷ ᠦᠦ ᠴᠢ ︖

ᠪᠣᠷᠬᠠᠨ ᠤ ᠴᠠᠭᠠᠨ ᠮᠤᠳᠤᠷ ᠯᠠ ᠶᠤᠮ ᠪᠣᠯ

ᠪᠣᠵᠠᠷ ᠮᠠᠭᠤ ᠪᠦᠭᠦᠨ ᠢ ᠠᠷᠢᠯᠭᠠᠴᠢ︕ ᠴᠠᠰᠤ ᠴᠢ᠃



ᠵᠤᠬᠢᠶᠠᠭᠴᠢ ᠶᠢᠨ ᠬᠠᠶ‍ᠢᠭ ᠄ ᠭᠡᠰᠢᠭ᠍ᠳᠡᠨ ᠬᠤᠰᠢᠭᠤᠨ ᠤ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠪᠦᠬᠡᠵᠢᠷᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2640
ᠴᠠᠭ᠄ 2010 ᠤᠨ ᠤ 04 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ