☆ ᠰᠠᠳᠭᠢᠶ᠎ᠠ
ᠨᠢᠯᠪᠣᠰᠤ ᠦᠭᠡᠶ ᠣᠭᠢᠯᠠᠯᠳᠠ
ᠭᠤᠨᠢᠭ ᠭᠦᠯᠭᠡᠯᠡᠭ᠍ᠰᠡᠨ ᠬᠤᠤᠰ ᠨᠢᠳᠤᠨ ᠤ ᠮᠢᠨᠢ ᠨᠢᠯᠪᠣᠰᠤ
ᠭᠠᠳᠠᠭᠰᠢ ᠪᠠᠨ ᠪᠢᠰᠢ᠂ ᠳᠤᠳᠤᠭᠰᠢ ᠪᠠᠨ ᠭᠦᠪᠦᠷᠡᠨᠡ
ᠨᠢᠭᠤᠷ ᠢ ᠡᠰᠭᠡᠨ ᠣᠷᠤᠰᠤᠭᠰᠠᠨ ᠪᠢᠰᠢ ᠠᠳᠠᠯ᠎ᠠ
ᠵᠢᠷᠦᠭᠡ ᠵᠦᠰᠤᠨ ᠳᠤᠳᠤᠷ᠎ᠠ ᠵᠤᠷᠠᠨ ᠬᠠᠳᠠᠭᠤ ᠪᠠᠢ᠌ᠯ᠎ᠠ
ᠴᠡᠭᠡᠵᠢᠨ ᠤ ᠭᠤᠨᠢᠭ ᠶᠢᠡᠨ ᠨᠢᠯᠪᠣᠰᠤ ᠪᠣᠯᠭᠠᠵᠤ
ᠴᠢᠨᠤ ᠡᠮᠤᠨ᠎ᠡ ᠪᠢ ᠣᠭᠢᠯᠠᠬᠤ ᠥᠭᠡᠢ
ᠨᠢᠭᠤᠷ ᠲᠡᠭᠡᠨ ᠪᠠᠷᠳᠠᠮ ᠢᠨᠢᠶᠡᠮᠰᠦᠭᠯᠡᠵᠤ
ᠨᠢᠳᠤᠨ ᠳᠡᠭᠡᠨ ᠵᠠᠢ᠌ᠷ ᠭᠦᠶᠦᠯᠭᠡᠭᠦ ᠥᠭᠡᠢ
ᠨᠢᠳᠤ ᠮᠢᠨᠢ ᠪᠢᠰᠢ
ᠵᠢᠷᠦᠭᠡ ᠮᠢᠨᠢ ᠣᠭᠢᠯᠠᠵᠤ ᠪᠠᠢ᠌ᠨ᠎ᠠ
ᠨᠢᠳᠤᠨ ᠤ ᠪᠣᠳᠤᠭ᠂ ᠨᠢᠭᠤᠷ ᠤᠨ ᠳᠤᠰᠤ ᠬᠠᠯᠳᠤᠷᠳᠠᠵᠤ ᠠᠷᠢᠯᠬᠤ ᠥᠭᠡᠢ
ᠨᠥᠮᠵᠦᠭᠭᠡᠨ ᠵᠢᠷᠦᠭᠡᠨ ᠤ ᠮᠢᠨᠢ ᠬᠤᠪᠳᠤᠯ ᠨᠢᠯᠪᠣᠰᠤ ᠪᠠᠷ ᠳᠦᠭᠦᠷᠤᠨ᠎ᠡ
ᠪᠠᠶᠠᠷ ᠤᠨ ᠨᠢᠯᠪᠣᠰᠤ ᠮᠢᠨᠢ ᠭᠠᠳᠠᠭᠰᠢ ᠪᠠᠨ ᠪᠠᠷᠳᠠᠮ ᠠᠰᠬᠠᠷᠠᠭ
ᠪᠠᠢ᠌ᠯᠴᠠᠵᠤ ᠪᠣᠯᠬᠤ ᠪᠠᠶᠠᠷ ᠪᠦᠭᠦᠨ ᠶᠢᠡᠨ ᠬᠠᠮᠳᠤ ᠪᠠᠷ ᠬᠤᠪᠢᠶᠠᠯᠴᠠᠶ᠎ᠠ
ᠪᠠᠭ᠍ᠳᠡᠷᠡᠭ᠍ᠰᠡᠨ ᠰᠡᠳᠭᠢᠯ ᠤᠨ ᠮᠢᠨᠢ ᠣᠢ᠌ᠤᠠᠬᠠᠷ ᠪᠦᠭᠦᠨ ᠤ ᠨᠢᠯᠪᠣᠰᠤ ᠴᠢ
ᠪᠢᠳᠡᠭᠡᠢ ᠭᠠᠳᠠᠭᠰᠢ ᠪᠠᠨ᠂ ᠳᠤᠳᠤᠭᠰᠢ ᠪᠠᠨ ᠪᠠᠢ
ᠭᠦᠴᠦᠳᠡᠢ ᠰᠡᠳᠭᠢᠯ ᠤᠨ ᠪᠢᠳᠡᠭᠦᠤ ᠣᠭᠢᠯᠠᠯᠳᠠ
ᠭᠦᠡᠳᠤ ᠴᠤ ᠳᠠᠭᠠᠭᠠᠴᠠ ᠲᠡᠶ ᠪᠠᠢ᠌ᠳᠠᠭ ᠶᠤᠮ ᠬᠣᠢ᠌ᠨ᠎ᠠ
ᠨᠢᠯᠪᠣᠰᠤ ᠪᠠᠨ ᠳᠠᠪᠴᠢᠨ᠂ ᠭᠤᠨᠢᠭ ᠶᠢᠡᠨ ᠳᠠᠯᠳᠠᠯᠠᠵᠤ
ᠪᠢ ᠨᠢᠯᠪᠣᠰᠤ ᠲᠡᠶ ᠣᠭᠢᠯᠠᠬᠤ ᠥᠭᠡᠢ
ᠪᠠᠭ᠍ᠳᠡᠷᠡᠯ᠂ ᠭᠤᠳᠤᠷᠠᠯ ᠪᠦᠭᠦᠨ ᠶᠢᠡᠨ ᠪᠢᠳᠡᠭᠦᠤ ᠪᠠᠷ ᠵᠠᠯᠭᠢᠭᠠᠤᠨ
ᠨᠢᠯᠪᠣᠰᠤ ᠦᠭᠡᠶ ᠣᠭᠢᠯᠠᠨ᠎ᠠ ᠪᠢ︕
ᠵᠤᠬᠢᠶᠠᠭᠴᠢ ᠶᠢᠨ ᠬᠠᠶᠢᠭ᠄ ᠰᠦᠨᠢᠳ ᠪᠠᠷᠠᠭᠤᠨ ᠬᠤᠰᠢᠭᠤ
ᠵᠤᠬᠢᠶᠠᠭᠴᠢ᠄ ᠰᠠᠳᠭᠢᠶ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2635
ᠴᠠᠭ᠄ 2010 ᠤᠨ ᠤ 07 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ