☆ ᠨᠡᠮᠳᠡᠢ᠌ᠰᠥ᠋ᠷᠦᠩ
ᠣᠩᠨᠢᠭᠤᠳ ᠤᠨ ᠦᠳᠦᠷᠮ᠎ᠠ ᠳᠠᠭᠢᠬᠤ ᠵᠠᠩ ᠵᠠᠩᠰᠢᠯ
ᠣᠩᠨᠢᠭᠤᠳ ᠦᠳᠦᠷᠮ᠎ᠠ ᠶᠢ ᠪᠠᠰᠠ ᠢᠳᠡᠷᠡᠭ᠌ ᠭᠡᠳᠡᠭ᠌᠃ ᠣᠩᠨᠢᠭᠤᠳ ᠤᠨ ᠭᠢᠨ ᠣᠭ ᠳᠠᠭᠠᠨ ᠭᠤᠷᠪᠠ ᠳᠠᠪᠤᠨ ᠡᠷᠦᠭᠡ ᠬᠤᠷᠰᠢᠵᠤ ᠨᠠᠮᠤᠭ ᠳᠠᠷᠢᠶ᠎ᠠ ᠳᠠᠷᠢᠵᠤ ᠪᠠᠢ᠌ᠭᠰᠠᠨ ᠶᠢᠡᠨ ᠣᠳᠤ ᠡᠷᠦᠭᠡ ᠪᠣᠯᠭᠠᠨ ᠳᠠᠯᠠᠩᠳᠤ ᠳᠠᠷᠢᠶ᠎ᠠ ᠳᠠᠷᠢᠵᠤ᠂ ᠬᠤᠪᠢ ᠬᠤᠪᠢᠨ ᠲᠠᠭᠠᠨ ᠦᠳᠦᠷᠮ᠎ᠠ ᠲᠡᠶ ᠪᠣᠯᠵᠠᠢ᠃ ᠳᠠᠳᠠ ᠨᠢᠭᠡ ᠵᠢᠯ ᠤᠨ ᠳᠠᠷᠢᠶ᠎ᠠ ᠳᠠᠷᠢᠵᠤ ᠡᠯᠪᠠᠭ᠌ ᠬᠤᠷᠢᠶᠠᠯᠳᠠ ᠣᠯᠤᠭᠰᠠᠨ ᠶᠢᠡᠨ ᠪᠠᠯᠡᠭᠯᠡᠨ᠂ ᠡᠴᠢᠭᠡ ᠳᠡᠭ᠍ᠷᠢ ᠡᠭᠡ ᠳᠡᠯᠡᠭᠡᠢ ᠶᠢᠨ ᠪᠣᠷᠤᠭᠠᠨ ᠬᠤᠷ᠎ᠠ ᠳᠡᠩᠭᠡᠴᠡᠭᠦᠯᠵᠤ ᠡᠯᠪᠠᠭ᠌ ᠬᠤᠷᠢᠶᠠᠯᠳᠠ ᠣᠯᠭᠤᠭᠰᠠᠨ ᠳᠤ ᠳᠠᠯᠠᠷᠬᠠᠬᠤ ᠶᠢᠨ ᠳᠦᠯᠦᠭᠡ ᠦᠳᠦᠷᠮ᠎ᠠ ᠳᠠᠭᠢᠳᠠᠭ᠃ ᠠᠯᠢ ᠨᠢᠭᠡ ᠠᠢ᠌ᠯ ᠨᠢ ᠦᠳᠦᠷᠮ᠎ᠠ ᠠᠪᠬᠤ ᠪᠣᠯᠤᠭᠰᠠᠭᠠᠷ ᠦᠳᠦᠷᠮ᠎ᠠ ᠶᠢᠨ ᠡᠵᠡᠨ ᠨᠢ ᠠᠢ᠌ᠯ ᠰᠠᠭᠠᠭᠠᠯᠳᠠ ᠶᠢᠨ ᠠᠬ᠎ᠠ ᠳᠡᠭᠦᠤ ᠨᠡᠷ ᠶᠢᠡᠨ ᠣᠷᠢᠵᠤ ᠦᠳᠦᠷᠮ᠎ᠠ ᠠᠪᠬᠤ ᠠᠵᠢᠯ ᠶᠢᠡᠨ ᠬᠠᠪᠰᠤᠷᠠᠭᠤᠯᠳᠠᠭ᠃ ᠦᠳᠦᠷᠮ᠎ᠠ ᠠᠪᠴᠤ ᠪᠠᠷᠠᠭᠠᠤᠨ ᠪᠣᠳᠠᠭ᠎ᠠ ᠪᠠᠨ ᠭᠦᠮᠦᠷᠭᠡᠯᠡᠭᠦ ᠳᠠᠷᠠ ᠡᠳᠦᠷ᠂ ᠦᠳᠦᠷᠮ᠎ᠠ ᠶᠢᠨ ᠡᠵᠡᠨ ᠨᠢ ᠬᠤᠨᠢ ᠠᠯᠠᠵᠤ᠂ ᠠᠮᠤᠰᠤᠨ ᠪᠣᠳᠠᠭ᠎ᠠ ᠴᠢᠨᠠᠵᠤ᠂ ᠦᠳᠦᠷᠮ᠎ᠠ ᠳᠠᠭᠢᠬᠤ ᠪᠠᠷ ᠪᠡᠯᠡᠳᠭᠡᠳᠡᠭ᠌᠃
ᠦᠳᠦᠷᠮ᠎ᠠ ᠳᠠᠭᠢᠬᠤ ᠡᠴᠡ ᠪᠠᠨ ᠡᠮᠦᠨ᠎ᠡ᠂ ᠭᠡᠢ᠌ᠰᠭᠡᠵᠤ ᠠᠷᠢᠯᠭᠠᠭᠰᠠᠨ ᠬᠤᠭ ᠯᠠᠢ ᠦᠭᠡᠶ ᠪᠣᠳᠠᠭ᠎ᠠ ᠪᠠᠨ ᠦᠳᠦᠷᠮ᠎ᠠ ᠶᠢᠨ ᠳᠤᠯᠢ ᠳᠤᠮᠳᠠ ᠣᠷᠳᠤᠯᠵᠢᠭᠤᠯᠤᠨ ᠣᠪᠣᠭᠠᠯᠠᠵᠤ ᠳᠠᠯᠪᠢᠨ᠎ᠠ᠃ ᠳᠡᠭᠡᠭᠡᠳ ᠳᠠᠷᠢᠶ᠎ᠠ ᠳᠠᠷᠢᠬᠤ ᠳᠤ ᠪᠠ ᠦᠳᠦᠷᠮ᠎ᠠ ᠠᠪᠬᠤ ᠳᠤ ᠵᠠᠷᠤᠭᠰᠠᠨ ᠪᠠᠭᠠᠵᠢ ᠭᠡᠷᠡᠭ᠍ᠰᠡᠯ ᠶᠢᠡᠨ ᠣᠪᠣᠭ᠎ᠠ ᠲᠡᠶ ᠪᠣᠳᠠᠭ᠎ᠠ ᠶᠢᠨ ᠳᠡᠭᠡᠷ᠎ᠡ ᠬᠠᠳᠬᠤᠬᠤ ᠶᠢ ᠨᠢ ᠬᠠᠳᠬᠤᠵᠤ᠂ ᠪᠣᠳᠠᠭᠠᠨ ᠣᠪᠣᠭ᠎ᠠ ᠶᠢᠨ ᠳᠡᠷᠭᠡᠳᠡ ᠡᠩᠨᠡᠭᠦᠯᠵᠤ ᠳᠠᠯᠪᠢᠬᠤ ᠶᠢ ᠨᠢ ᠡᠩᠨᠡᠭᠦᠯᠵᠤ ᠳᠠᠯᠪᠢᠨ᠎ᠠ᠃ ᠳᠠᠷᠢᠶᠠᠨ ᠪᠣᠳᠠᠭᠠᠨ ᠣᠪᠣᠭᠠᠨ ᠵᠡᠭᠦᠨ ᠡᠮᠦᠨ᠎ᠡ ᠥᠡᠴᠦᠭ᠌ ᠣᠷᠴᠢᠮ ᠳᠤ ᠳ᠋ᠸᠤ ᠳᠤᠳᠤᠷ᠎ᠠ ᠨᠢᠭᠡ ᠳ᠋ᠸᠤ ᠰᠢᠨ᠎ᠠ ᠪᠣᠳᠠᠭ᠎ᠠ ᠰᠠᠪᠠᠯᠠᠵᠤ ᠳᠠᠯᠪᠢᠨ᠎ᠠ᠃ ᠳᠠᠷᠢᠶᠠᠨ ᠪᠣᠳᠠᠭᠠᠨ ᠣᠪᠣᠭᠠᠨ ᠤ ᠳᠤᠤᠷ᠎ᠠ ᠳᠠᠯ᠎ᠠ ᠳᠤ ᠳᠦᠷᠪᠡᠯᠵᠢᠨ ᠬᠠᠠᠵᠤᠨ ᠰᠢᠷᠡᠭᠡ ᠳᠠᠯᠪᠢᠨ᠂ ᠳᠡᠭᠡᠷ᠎ᠡ ᠨᠢ ᠠᠶᠠᠭ᠎ᠠ ᠲᠡᠶ ᠠᠮᠤᠰᠤᠨ ᠪᠣᠳᠠᠭ᠎ᠠ ᠳᠤᠳᠤᠷ᠎ᠠ ᠵᠤᠯᠠ ᠠᠰᠠᠭᠠᠵᠤ ᠳᠠᠯᠪᠢᠨ᠎ᠠ᠃ ᠠᠷᠢᠭᠢ ᠭᠡᠮᠨᠡᠨ ᠰᠢᠷᠡᠭᠡ ᠵᠠᠰᠠᠵᠤ᠂ ᠳᠠᠪᠠᠭ ᠲᠡᠶ ᠬᠤᠨᠢᠨ ᠰᠢᠭᠦᠰᠤ ᠪᠠᠨ ᠰᠢᠷᠡᠭᠡᠨ ᠭᠤᠤᠯ ᠳᠤ ᠳᠠᠯᠪᠢᠨ᠎ᠠ᠃ ᠠᠮᠤᠰᠤᠨ ᠪᠣᠳᠠᠭ᠎ᠠ᠂ ᠰᠢᠷ᠎ᠠ ᠳᠤᠰᠤ ᠵᠡᠷᠭᠡ ᠶᠢ ᠬᠤᠨᠢᠨ ᠰᠢᠭᠦᠰᠤᠨ ᠤ ᠳᠡᠷᠭᠡᠳᠡ ᠠᠪᠴᠢᠷᠠᠵᠤ ᠳᠠᠯᠪᠢᠨ᠎ᠠ᠃ ᠭᠦᠵᠢ ᠪᠠ ᠠᠷᠴᠠ ᠶᠢ ᠣᠩᠭ᠋ᠠᠰᠬᠠᠨ᠂ ᠳᠠᠭᠢᠯᠭ᠎ᠠ ᠶᠢᠨ ᠶᠠᠭᠤᠮ᠎ᠠ ᠪᠠᠨ ᠠᠷᠢᠭᠤᠯᠠᠵᠤ ᠪᠠᠷᠠᠭᠰᠠᠨ ᠤ ᠳᠠᠷᠠᠭ᠎ᠠ ᠦᠳᠦᠷᠮ᠎ᠠ ᠶᠢᠨ ᠡᠵᠡᠨ ᠨᠢ ᠳᠠᠭᠢᠯᠭ᠎ᠠ ᠳᠤ ᠣᠷᠤᠯᠴᠠᠭᠰᠠᠨ ᠭᠦᠮᠦᠰ ᠤᠨ ᠡᠮᠦᠨ᠎ᠡ ᠭᠠᠷᠴᠤ ᠢᠷᠦᠭᠡᠯ ᠣᠩᠰᠢᠵᠤ ᠳᠠᠭᠢᠯᠭ᠎ᠠ ᠪᠠᠨ ᠡᠭᠢᠯᠡᠳᠡᠭ᠌᠄
ᠵᠧ᠂ ᠣᠮ ᠰᠠᠢ᠌ᠨ ᠠᠮᠤᠭᠤᠯᠠᠩ ᠪᠣᠯᠳᠤᠭᠠᠢ︕
ᠬᠠᠪᠣᠷ ᠤᠨ ᠣᠷᠢᠨ ᠳᠤᠯᠠᠭᠠᠨ ᠪᠣᠯᠵᠤ
ᠬᠠᠮᠤᠭ ᠪᠣᠳᠠᠰ ᠠᠮᠢᠯᠠᠨ ᠳᠡᠯᠭᠡᠷᠡᠭᠦᠶᠡ
ᠬᠤᠷ᠎ᠠ ᠪᠣᠷᠤᠭᠠᠨ ᠰᠠᠳᠭᠢᠴᠢᠯᠠᠨ ᠪᠠᠭᠤᠵᠤ
ᠬᠠᠪᠣᠷ ᠤᠨ ᠳᠠᠷᠢᠶ᠎ᠠ ᠳᠠᠷᠢᠬᠤ ᠶᠢᠨ ᠴᠠᠭ ᠳᠤ
ᠴᠡᠭᠡᠨ ᠨᠠᠭᠤᠷ ᠤᠨ ᠠᠷᠤ ᠳᠡᠭᠡᠷ᠎ᠡ
ᠡᠷᠳᠡᠨᠢ ᠠᠭᠤᠯᠠ ᠶᠢᠨ ᠡᠩᠭᠡᠷ ᠳᠡᠭᠡᠷ᠎ᠡ
ᠪᠠᠭ᠎ᠠ ᠳᠠᠯ᠎ᠠ ᠶᠢᠨ ᠡᠭᠢᠨ ᠳᠡᠭᠡᠷ᠎ᠡ
ᠴᠦᠠᠳᠤᠪ ᠤᠨ ᠳᠤᠬᠤᠢ ᠶᠢᠨ ᠪᠤᠯᠦᠩ ᠳ᠋ᠤ
ᠡᠳᠦᠷ ᠤᠨ ᠰᠠᠢ᠌ᠨ ᠢ ᠦᠵᠡᠵᠤ
ᠴᠠᠭ ᠤᠨ ᠰᠠᠢ᠌ᠨ ᠢ ᠰᠤᠩᠭ᠋ᠤᠵᠤ
ᠦᠯᠵᠡᠢ ᠭᠡᠰᠢᠭ᠌ ᠶᠢᠡᠨ ᠪᠠᠯᠭᠡᠳᠡᠵᠤ
ᠦᠯᠡᠮᠵᠢ ᠬᠤᠷᠢᠶᠠᠯᠳᠠ ᠶᠢ ᠵᠦᠩᠨᠠᠵᠤ
ᠬᠤᠷᠮᠤᠰᠳᠠ ᠳᠡᠭ᠍ᠷᠢ ᠲᠡᠭᠡᠨ ᠳᠠᠭᠠᠳᠬᠠᠨ
ᠬᠠᠨ ᠠᠭᠤᠯᠠᠨ ᠲᠠᠭᠠᠨ ᠵᠠᠯᠪᠢᠷᠠᠨ
ᠱᠠᠩ ᠳᠠᠳᠠᠨ ᠬᠠᠭᠠᠯᠪᠣᠷᠢᠯᠠᠵᠤ
ᠱᠠᠷ ᠥᠭᠡᠷ ᠶᠢᠡᠨ ᠭᠦᠯᠦᠵᠤ ᠳᠠᠷᠢᠭᠰᠠᠨ ᠶᠤᠮ᠃
ᠵᠧ᠂ ᠣᠮ ᠰᠠᠢ᠌ᠨ ᠠᠮᠤᠭᠤᠯᠠᠩ ᠪᠣᠯᠳᠤᠭᠠᠢ︕
ᠬᠤᠷᠤᠮᠰᠳᠠ ᠳᠡᠭ᠍ᠷᠢ ᠦᠷᠦᠰᠢᠶᠠᠵᠠᠢ
ᠬᠤᠷ᠎ᠠ ᠣᠰᠤ ᠳᠠᠩᠴᠠᠵᠠᠢ
ᠡᠭᠡ ᠭᠠᠵᠠᠷ ᠢᠪᠠᠭᠡᠵᠡᠢ
ᠡᠷᠳᠡᠨᠢ ᠶᠢᠨ ᠰᠢᠮ᠎ᠠ ᠪᠠᠨ ᠭᠦᠷᠳᠡᠭᠡᠵᠡᠢ
ᠡᠵᠡᠳ ᠰᠠᠭᠢᠭᠤᠰᠤ ᠦᠷᠦᠰᠢᠶᠠᠵᠠᠢ
ᠡᠯᠳᠡᠪ ᠭᠠᠮᠰᠢᠭ ᠡᠴᠡ ᠵᠠᠢ᠌ᠯᠠᠭᠤᠯᠵᠠᠢ
ᠨᠢ᠋ᠮᠠᠨ ᠵᠥᠭ᠌ ᠡᠴᠡ ᠳᠠᠮᠵᠢᠵᠠᠢ
ᠨᠠᠢ᠌ᠳᠠ ᠣᠯᠠᠨ ᠶᠢᠡᠷ ᠶᠢᠡᠨ ᠬᠠᠪᠰᠤᠷᠴᠠᠢ
ᠡᠪᠦᠭᠡ ᠳᠡᠭᠡᠳᠦᠰ ᠠᠪᠣᠷᠠᠵᠠᠢ
ᠡᠯᠪᠠᠭ᠌ ᠬᠤᠷᠢᠶᠠᠯᠳᠠ ᠣᠯᠭᠤᠵᠠᠢ᠃
ᠵᠧ᠂ ᠣᠮ ᠰᠠᠢ᠌ᠨ ᠠᠮᠤᠭᠤᠯᠠᠩ ᠪᠣᠯᠳᠤᠭᠠᠢ︕
ᠡᠴᠢᠭᠡ ᠳᠡᠭ᠍ᠷᠢ ᠶᠢᠨ ᠦᠷᠦᠰᠢᠶᠠᠯ
ᠡᠭᠡ ᠭᠠᠵᠠᠷ ᠤᠨ ᠢᠪᠠᠭᠡᠯ
ᠡᠪᠦᠭᠡ ᠳᠡᠭᠡᠳᠦᠰ ᠤᠨ ᠠᠪᠣᠷᠠᠯ ᠳ᠋ᠤ
ᠢᠷᠭᠡ ᠶᠢᠨ ᠣᠭᠤᠴᠠ ᠪᠠᠨ ᠡᠷᠭᠦᠵᠤ ᠪᠠᠢ᠌ᠨ᠎ᠠ᠂
ᠰᠠᠠᠰᠠᠷ ᠳᠡᠭ᠍ᠷᠢ ᠶᠢᠨ ᠦᠷᠦᠰᠢᠶᠠᠯ ᠳ᠋ᠤ
ᠰᠠᠷᠬᠤᠤᠨ ᠤᠨ ᠳᠡᠭᠡᠵᠢ ᠪᠠᠨ ᠡᠷᠭᠦᠵᠤ ᠪᠠᠢ᠌ᠨ᠎ᠠ᠂
ᠬᠤᠷᠮᠤᠰᠳᠠ ᠳᠡᠭ᠍ᠷᠢ ᠶᠢᠨ ᠢᠪᠠᠭᠡᠯ ᠳ᠋ᠤ
ᠬᠤᠨᠢᠨ ᠣᠭᠤᠴᠠ ᠪᠠᠨ ᠡᠷᠭᠦᠵᠤ ᠪᠠᠢ᠌ᠨ᠎ᠠ᠂
ᠠᠭᠤᠯᠠ ᠮᠠᠳᠤ ᠳᠠᠷᠢᠶ᠎ᠠ ᠣᠪᠣᠭᠠᠯᠠᠭᠰᠠᠨ
ᠠᠭᠤᠳᠠᠮ ᠭᠡᠪᠠᠯᠢ ᠲᠡᠶ ᠦᠳᠦᠷᠮ᠎ᠠ ᠪᠠᠨ
ᠠᠮᠤᠰᠤᠨ ᠪᠣᠳᠠᠭ᠎ᠠ ᠪᠠᠷ ᠮᠢᠯᠢᠶᠠᠵᠤ
ᠣᠭᠤᠴᠠᠨ ᠰᠢᠭᠦᠰᠤ ᠪᠠᠷ ᠳᠠᠭᠢᠵᠤ ᠪᠠᠢ᠌ᠨ᠎ᠠ︕ ᠭᠡᠵᠤ ᠭᠡᠯᠡᠭᠡᠳ ᠬᠤᠠᠳᠠᠭ᠎ᠠ ᠲᠡᠶ ᠠᠷᠢᠭᠢ ᠪᠠᠨ ᠳᠡᠭ᠍ᠷᠢ᠂ ᠭᠠᠵᠠᠷ᠂ ᠠᠭᠤᠯᠠ᠂ ᠣᠰᠤ ᠪᠣᠯᠤᠨ ᠡᠪᠦᠭᠡ ᠳᠡᠭᠡᠳᠦᠰ ᠤᠨ ᠰᠦᠨᠠᠰᠤ ᠳᠤ ᠰᠠᠴᠤᠯᠢ ᠡᠷᠭᠦᠨ᠂ ᠳᠠᠪᠠᠭ ᠲᠡᠶ ᠰᠢᠭᠦᠰᠤ᠂ ᠠᠶᠠᠭ᠎ᠠ ᠲᠡᠶ ᠠᠮᠤᠰᠤ᠂ ᠰᠢᠷ᠎ᠠ ᠳᠤᠰᠤ ᠪᠠᠨ ᠳᠡᠭ᠍ᠷᠢ ᠭᠠᠵᠠᠷ᠂ ᠠᠭᠤᠯᠠ ᠣᠰᠤ ᠪᠠ ᠡᠪᠦᠭᠡ ᠳᠡᠭᠡᠳᠦᠰ ᠤᠨ ᠰᠦᠨᠠᠰᠤ ᠰᠠᠭᠢᠭᠤᠰᠤ ᠳᠤ ᠪᠠᠨ ᠡᠷᠭᠦᠨ᠎ᠡ᠃
ᠵᠧ᠂ ᠣᠮ ᠰᠠᠢ᠌ᠨ ᠠᠮᠤᠭᠤᠯᠠᠩ ᠪᠣᠯᠳᠤᠭᠠᠢ︕
ᠬᠤᠷ᠎ᠠ ᠣᠰᠤ ᠪᠠᠨ ᠳᠡᠩᠴᠡᠭᠦᠯᠦᠭ᠍ᠰᠡᠨ
ᠬᠤᠷᠮᠤᠰᠳᠠ ᠳᠡᠭ᠍ᠷᠢ ᠲᠤ ᠣᠮ ᠮᠠ ᠬᠤᠩ︕
ᠠᠶᠤᠯ ᠭᠠᠮᠰᠢᠭ ᠡᠴᠡ ᠵᠠᠢ᠌ᠯᠠᠭᠤᠯᠤᠭᠰᠠᠨ
ᠠᠯᠠᠭ ᠠᠭᠤᠯᠠ ᠶᠢᠨ ᠨᠠᠪᠳᠠᠭ ᠲᠤ ᠣᠮ ᠮᠠ ᠬᠤᠩ︕
ᠡᠯᠳᠡᠪ ᠠᠶᠤᠯ ᠡᠴᠡ ᠭᠡᠯᠳᠦᠷᠢᠭᠦᠯᠦᠭ᠍ᠰᠡᠨ
ᠡᠴᠢᠭᠡ ᠳᠡᠭ᠍ᠷᠢ ᠲᠤ ᠣᠮ ᠮᠠ ᠬᠤᠩ︕
ᠡᠷᠳᠡᠨᠢ ᠶᠢᠨ ᠰᠢᠮ᠎ᠠ ᠪᠠᠨ ᠡᠷᠭᠦᠭ᠍ᠰᠡᠨ
ᠡᠭᠡ ᠭᠠᠵᠠᠷ ᠲᠤ ᠣᠮ ᠮᠠ ᠬᠤᠩ︕
ᠣᠷᠤᠰᠬᠠᠯ ᠣᠰᠤ ᠪᠠᠷ ᠳᠤᠰᠠᠯᠠᠭᠰᠠᠨ
ᠭᠤᠤᠯ ᠮᠦᠷᠠᠨ ᠤ ᠨᠠᠪᠳᠠᠭ ᠲᠤ ᠪᠠᠨ ᠣᠮ ᠮᠠ ᠬᠤᠩ︕
ᠦᠷ᠎ᠡ ᠬᠣᠢ᠌ᠴᠠᠰ ᠪᠠᠨ ᠲᠡᠳᠬᠦᠭ᠍ᠰᠡᠨ
ᠡᠪᠦᠭᠡ ᠳᠡᠭᠡᠳᠦᠰ ᠲᠤ ᠪᠠᠨ ᠣᠮ ᠮᠠ ᠬᠤᠩ︕ ᠭᠡᠵᠤ ᠳᠦᠷᠪᠡᠨ ᠵᠥᠭ᠌ ᠨᠢ᠋ᠮᠠᠨ ᠵᠤᠪᠭᠢᠰ ᠲᠤ ᠰᠠᠴᠤᠯᠢ ᠡᠷᠭᠦᠭᠦ ᠳᠤ ᠦᠳᠦᠷᠮ᠎ᠠ ᠶᠢᠨ ᠳᠠᠭᠢᠯᠭ᠎ᠠ ᠳᠤ ᠣᠷᠤᠯᠴᠠᠭᠰᠠᠤᠨ ᠪᠦᠭᠦᠳᠡᠭᠡᠷ ᠬᠤᠠᠳᠠᠭ᠎ᠠ ᠲᠡᠶ ᠰᠠᠷᠬᠤᠤᠨ ᠪᠠᠷᠢᠵᠤ᠄
ᠵᠧ᠂ ᠡᠨᠡ ᠵᠢᠯ
ᠵᠢᠯ ᠵᠢᠯ ᠲᠡᠶ ᠳᠠᠭᠠᠷᠠᠬᠤ ᠥᠭᠡᠢ
ᠵᠢᠪᠠᠷ ᠨᠠᠷᠠ ᠳᠠᠩᠴᠠᠵᠤ
ᠵᠢᠷᠤᠮᠳᠤ ᠣᠯᠠᠨ ᠤ ᠴᠢᠷᠮᠢ᠋ᠢᠯᠭᠠ ᠪᠠᠷ
ᠵᠣᠢ᠌ᠯ ᠤᠨ ᠳᠠᠷᠢᠶ᠎ᠠ ᠲᠦᠷᠦᠵᠠᠢ᠂
ᠣᠨ ᠣᠨ ᠲᠡᠶ ᠳᠠᠭᠠᠷᠠᠬᠤ ᠥᠭᠡᠢ
ᠣᠰᠤ ᠬᠤᠷ᠎ᠠ ᠳᠠᠩᠴᠠᠵᠤ
ᠣᠯᠠᠨ ᠲᠦᠮᠡᠨ ᠤ ᠪᠣᠶᠠᠨ ᠵᠢᠠᠷ
ᠣᠠᠴᠠ ᠡᠯᠪᠠᠭ᠌ ᠬᠤᠷᠢᠶᠠᠵᠠᠢ᠃
ᠡᠯᠪᠠᠭ᠌ ᠬᠤᠷ᠎ᠠ ᠪᠠᠭᠤᠯᠭᠠᠭᠰᠠᠨ
ᠡᠴᠢᠭᠡ ᠳᠡᠭ᠍ᠷᠢ ᠳᠤ ᠣᠮ ᠮᠠ ᠬᠤᠩ︕
ᠡᠷᠳᠡᠨᠢ ᠶᠢᠨ ᠰᠢᠮ᠎ᠠ ᠪᠠᠨ ᠦᠭᠭᠦᠭ᠍ᠰᠡᠨ
ᠡᠭᠡ ᠭᠠᠵᠠᠷ ᠲᠤ ᠣᠮ ᠮᠠ ᠬᠤᠩ︕
ᠠᠭᠤᠯᠠ ᠣᠰᠤᠨ ᠤ ᠨᠠᠪᠳᠠᠭ ᠰᠠᠪᠳᠠᠭ ᠲᠤ ᠣᠮ ᠮᠠ ᠬᠤᠩ︕
ᠣᠷᠤᠨ ᠨᠤᠳᠤᠭ ᠤᠨ ᠡᠵᠡᠳ ᠰᠠᠭᠢᠭᠤᠰᠤ ᠳᠤ ᠣᠮ ᠮᠠ ᠬᠤᠩ︕
ᠡᠴᠢᠭᠡ ᠳᠡᠭᠡᠳᠦᠰ ᠤᠨ ᠰᠠᠭᠢᠭᠤᠰᠤ ᠳᠤ ᠣᠮ ᠮᠠ ᠬᠤᠩ︕ ᠭᠡᠵᠤ ᠬᠤᠠᠳᠠᠭ᠎ᠠ ᠲᠡᠶ ᠠᠷᠢᠭᠢ ᠪᠠᠨ ᠰᠠᠷᠵᠢᠮᠯᠠᠵᠤ᠂ ᠬᠤᠨᠢᠨ ᠰᠢᠭᠦᠰᠤ᠂ ᠠᠮᠤᠰᠤᠨ ᠪᠣᠳᠠᠭ᠎ᠠ᠂ ᠰᠢᠷ᠎ᠠ ᠳᠤᠰᠤ ᠶᠢᠨ ᠳᠡᠭᠡᠵᠢ ᠪᠠᠨ ᠡᠷᠭᠦᠯᠴᠡᠨᠡ᠃ ᠦᠳᠦᠷᠮ᠎ᠠ ᠶᠢᠨ ᠡᠵᠡᠨ ᠵᠠᠯᠭᠠᠭᠠᠤᠨ᠄
ᠵᠧ᠂ ᠣᠮ ᠰᠠᠢ᠌ᠨ ᠠᠮᠤᠭᠤᠯᠠᠩ ᠪᠣᠯᠳᠤᠭᠠᠢ︕
ᠠᠭᠤᠳᠠᠮ ᠰᠠᠷᠠᠭᠤᠯ ᠦᠳᠦᠷᠮ᠎ᠠ ᠳ᠋ᠤ
ᠠᠭᠤᠯᠠ ᠶᠢᠨ ᠴᠢᠨᠡᠭᠡ ᠣᠪᠣᠭᠠᠯᠠᠭᠰᠠᠨ
ᠳᠠᠩᠰᠤᠭ ᠪᠣᠳᠠᠭᠠᠨ ᠣᠪᠣᠭᠠᠨ ᠳᠠᠭᠠᠨ
ᠳᠠᠭᠢᠯᠭ᠎ᠠ ᠡᠷᠭᠦᠨ ᠳᠠᠭᠠᠳᠬᠠᠵᠤ ᠪᠠᠢ᠌ᠨ᠎ᠠ᠃
ᠣᠪᠣᠭᠠᠯᠠᠵᠤ ᠬᠤᠷᠢᠶᠠᠭᠰᠠᠨ ᠪᠣᠳᠠᠭ᠎ᠠ ᠮᠢᠨᠢ
ᠣᠨ ᠣᠨ ᠡᠴᠡ ᠪᠠᠨ ᠨᠡᠮᠡᠭ᠍ᠳᠡᠭᠦ ᠪᠣᠯᠳᠤᠭᠠᠢ︕ ᠣᠮ ᠮᠠ ᠬᠤᠩ︕ ᠭᠡᠵᠤ ᠰᠠᠴᠤᠯᠢ ᠡᠷᠭᠦᠨ ᠢᠷᠡᠭᠡᠳ ᠭᠦᠵᠢ ᠠᠰᠠᠭᠠᠨ ᠪᠣᠳᠠᠭ᠎ᠠ ᠶᠢᠨ ᠣᠪᠣᠭ᠎ᠠ ᠳᠠᠭᠠᠨ ᠮᠥᠷᠭᠦᠵᠤ᠂ ᠣᠩᠭ᠋ᠠᠰᠬᠠᠭᠰᠠᠨ ᠭᠦᠵᠢ ᠪᠠᠨ ᠳ᠋ᠸᠤ ᠲᠡᠶ ᠪᠣᠳᠠᠭ᠎ᠠ ᠶᠢᠨ ᠳᠤᠮᠳᠠ ᠬᠠᠳᠬᠤᠵᠤ ᠳᠠᠯᠪᠢᠨ᠂ ᠪᠣᠯᠤ ᠶᠢᠨ ᠥᠭᠡᠷ ᠤᠨ ᠡᠪᠠᠷ᠂ ᠮᠠᠩᠨᠠᠢ ᠶᠢ ᠥᠭᠡᠭᠦ ᠳᠤᠰᠤ ᠪᠠ ᠠᠮᠤᠰᠤᠨ ᠪᠣᠳᠠᠭ᠎ᠠ ᠪᠠᠷ ᠮᠢᠯᠢᠶᠠᠵᠤ᠂ ᠵᠠᠯᠭᠠᠭᠠᠤᠨ ᠢᠷᠦᠭᠡᠨ᠎ᠡ᠄
ᠵᠧ᠂ ᠦᠷᠠᠯᠠᠵᠤ ᠳᠠᠷᠢᠬᠤ ᠡᠴᠡ ᠡᠭᠢᠯᠡᠭᠡᠳ
ᠦᠯᠡᠮᠵᠢ ᠵᠢᠦᠡᠭᠦᠯ ᠥᠵᠡᠭᠦᠯᠦᠭ᠍ᠰᠡᠨ
ᠦᠨᠡᠠᠴᠢ ᠨᠤᠮᠤᠬᠠᠨ ᠥᠭᠡᠷ ᠵᠢᠠᠨ
ᠢᠳᠡᠭᠡᠨ ᠤ ᠳᠡᠭᠡᠵᠢ ᠪᠠᠷ ᠮᠢᠯᠢᠶᠠᠨᠠᠮ᠃
ᠳᠠᠪᠠᠳᠠᠢ ᠰᠠᠢ᠌ᠬᠠᠨ ᠢᠳᠠᠰᠢᠯᠠᠵᠤ
ᠳᠠᠷᠭᠤ ᠭᠦᠴᠤ ᠪᠠᠨ ᠨᠡᠮᠡᠭ᠍ᠳᠡᠭᠦᠯ︕
ᠳᠠᠷᠠᠭ᠎ᠠ ᠵᠢᠯ ᠤᠨ ᠳᠠᠷᠢᠶ᠎ᠠ ᠳᠠᠷᠢᠬᠤ ᠳᠤ ᠳᠠᠷ ᠭᠦᠴᠤ ᠪᠠᠨ ᠡᠷᠭᠦ︕ ᠭᠡᠵᠤ ᠢᠷᠦᠭᠡᠵᠤ᠂ ᠵᠠᠯᠭᠠᠭᠠᠤᠨ ᠡᠩᠨᠡᠭᠦᠯᠵᠤ ᠳᠠᠯᠪᠢᠭᠰᠠᠨ ᠪᠠᠭᠠᠵᠢ ᠭᠡᠷᠡᠭ᠍ᠰᠡᠯ ᠤᠨ ᠳᠡᠷᠭᠡᠳᠡ ᠭᠦᠷᠴᠤ ᠳᠠᠷᠢᠶ᠎ᠠ ᠶᠢᠨ ᠪᠣᠯᠤ ᠪᠠᠨ ᠮᠠᠭᠳᠠᠨ᠎ᠠ᠄
ᠪᠣᠮᠪᠣᠷ ᠪᠣᠮᠪᠣᠷ ᠭᠦᠶᠦᠳᠡᠯ ᠲᠡᠶ ᠪᠣᠯᠤ
ᠪᠣᠷᠵᠢᠨ ᠴᠢᠯᠠᠭᠤᠨ ᠴᠤᠭᠴᠠᠰ ᠲᠡᠶ ᠪᠣᠯᠤ
ᠪᠣᠯᠳᠤ ᠣᠯᠠᠨ ᠳᠠᠭᠠᠨ ᠠᠴᠢᠳᠠᠢ ᠪᠣᠯᠤ
ᠪᠣᠮᠠᠨ ᠳ᠋ᠠᠨ ᠶᠢᠡᠷ ᠠᠪᠳᠠᠭ ᠪᠣᠯᠤ
ᠳᠦᠡᠳᠡᠭ᠌ ᠳᠠᠠᠳᠠᠭ ᠠᠯᠬᠤᠳᠠᠯ ᠲᠡᠶ ᠪᠣᠯᠤ
ᠳᠠᠮᠤᠷ ᠮᠤᠳᠤᠨ ᠠᠷᠠᠯ ᠲᠡᠶ ᠪᠣᠯᠤ
ᠳᠠᠷᠢᠶᠠᠨ ᠠᠵᠢᠯ ᠲᠠᠭᠠᠨ ᠳᠤᠰᠠᠳᠠᠢ ᠪᠣᠯᠤ
ᠲᠦᠮᠡᠨ ᠳ᠋ᠠᠨ ᠶᠢᠡᠷ ᠶᠠᠠᠳᠠᠭᠤᠯᠳᠠᠭ ᠪᠣᠯᠤ︕ ᠭᠡᠵᠤ ᠮᠠᠭᠳᠠᠨ ᠳᠠᠷᠢᠶᠠᠨ ᠪᠣᠯᠤ ᠪᠠᠨ ᠠᠮᠤᠰᠤᠨ ᠪᠣᠳᠠᠭ᠎ᠠ᠂ ᠰᠢᠷ᠎ᠠ ᠳᠤᠰᠤ ᠪᠠᠷ ᠮᠢᠯᠢᠶᠠᠵᠤ᠂ ᠢᠷᠦᠭᠡᠯ ᠮᠠᠭᠳᠠᠭᠠᠯ ᠶᠢᠡᠨ ᠥᠷᠭᠦᠯᠵᠢᠯᠡᠭᠦᠯᠦᠨᠡ᠄
ᠦᠨᠳᠦᠷ ᠳᠠᠷᠠᠰᠤ ᠪᠠᠷ ᠭᠦᠯᠢᠭ᠍ᠰᠡᠨ ᠱᠥᠭᠦᠷ
ᠡᠳ᠋ᠯᠡᠵᠤ ᠭᠡᠷᠡᠭᠯᠡᠭᠦ ᠳᠤ ᠡᠪᠯᠢᠭ᠌ ᠱᠥᠭᠦᠷ
ᠡᠪᠠᠰᠤ ᠯᠠᠢ ᠶᠢ ᠠᠷᠢᠯᠭᠠᠳᠠᠭ ᠱᠥᠭᠦᠷ
ᠦᠳᠦᠷᠮ᠎ᠠ ᠠᠪᠬᠤ ᠳᠤ ᠳᠠᠮᠳᠠᠢ ᠱᠥᠭᠦᠷ᠃
ᠳᠠᠯᠳᠤ ᠶᠢᠨ ᠮᠤᠳᠤ ᠪᠠᠷ ᠮᠠᠳᠠᠭᠰᠠᠨ ᠠᠴᠠ
ᠳᠠᠮᠤᠷ ᠤᠨ ᠳᠠᠷᠬᠠᠨ ᠤ ᠳᠠᠪᠳᠠᠭᠰᠠᠨ ᠠᠴᠠ
ᠳᠡᠯᠭᠡᠵᠤ ᠣᠪᠣᠭᠠᠯᠠᠬᠤ ᠳᠤ ᠡᠪᠯᠢᠭ᠌ ᠠᠴᠠ
ᠳᠡᠭᠡᠭᠡᠵᠤ ᠪᠠᠭᠤᠯᠭᠠᠬᠤ ᠳᠤ ᠳᠤᠰᠠᠳᠠᠢ ᠠᠴᠠ᠃
ᠬᠠᠢ᠌ᠯᠠᠰᠤᠨ ᠮᠤᠳᠤᠨ ᠠᠯᠠᠭ᠎ᠠ ᠲᠡᠶ ᠭᠦᠷᠵᠡ
ᠬᠠᠪᠣᠯᠢᠭ ᠰᠠᠢ᠌ᠬᠠᠨ ᠡᠰᠢ ᠲᠡᠶ ᠭᠦᠷᠵᠡ
ᠬᠤᠮᠠᠭ ᠰᠢᠷᠤᠢ ᠶᠢ ᠭᠡᠢ᠌ᠰᠭᠡᠳᠡᠭ᠌ ᠭᠦᠷᠵᠡ
ᠬᠠᠮᠤᠭ ᠣᠯᠠᠨ ᠶᠢᠡᠨ ᠳᠤᠰᠠᠯᠠᠳᠠᠭ ᠭᠦᠷᠵᠡ᠃
ᠳᠦᠭᠦᠷᠡᠩ ᠰᠠᠢ᠌ᠬᠠᠨ ᠭᠡᠮ ᠲᠡᠶ ᠳ᠋ᠸᠤ
ᠲᠦᠮᠡᠨ ᠳ᠋ᠠᠨ ᠶᠢᠡᠷ ᠶᠠᠠᠳᠠᠳᠠᠭ ᠳ᠋ᠸᠤ
ᠪᠣᠮᠠᠨ ᠡᠷᠳᠡᠨᠢ ᠶᠢᠨ ᠭᠡᠪᠠᠯᠢ ᠲᠡᠶ ᠳ᠋ᠸᠤ
ᠪᠣᠮᠠᠨ ᠳ᠋ᠠᠨ ᠶᠢᠡᠷ ᠶᠠᠠᠳᠠᠳᠠᠭ ᠳ᠋ᠸᠤ᠃
ᠰᠦᠷᠡᠯ ᠡᠪᠠᠰᠤ ᠯᠠᠢ ᠵᠢ
ᠰᠠᠯᠭᠠᠵᠤ ᠥᠭ᠍ᠳᠡᠭ᠌ ᠮᠠᠯᠳᠠᠭᠤᠷ᠂
ᠰᠢᠷᠤᠢ ᠬᠤᠮᠠᠭ ᠢ ᠢᠯᠭᠠᠷᠠᠭᠤᠯᠳᠠᠭ
ᠰᠦᠯᠵᠢᠮᠠᠯ ᠭᠢᠴᠢᠳᠠᠢ ᠰᠠᠢ᠌ᠵᠠ᠂
ᠳᠡᠭᠡᠭᠡᠵᠤ ᠬᠤᠷᠢᠶᠠᠵᠤ ᠣᠪᠣᠭᠠᠯᠠᠬᠤ ᠳ᠋ᠤ
ᠳᠠᠮᠵᠢᠵᠤ ᠳᠤᠰᠠᠯᠠᠭᠰᠠᠨ ᠳᠡᠷᠭᠡ᠂
ᠳᠠᠮᠤᠷ ᠬᠤᠰᠢᠭᠤ ᠪᠠᠨ ᠡᠯᠡᠭ᠍ᠳᠡᠳᠡᠯᠡ
ᠳᠤᠰᠠ ᠪᠠᠨ ᠦᠭᠭᠦᠭ᠍ᠰᠡᠨ ᠠᠠᠵᠢᠰᠤ᠂
ᠰᠢᠩᠭᠡᠨ ᠵᠤᠵᠠᠭᠠᠨ ᠢ ᠳᠡᠩᠴᠡᠭᠦᠯᠵᠤ
ᠦᠷᠠᠯᠠᠵᠤ ᠦᠭᠭᠦᠭ᠍ᠰᠡᠨ ᠦᠷ᠎ᠡ ᠶᠢᠨ ᠬᠤᠯᠤ᠂
ᠰᠢᠮᠠᠳᠤ ᠴᠢᠭᠢᠭ᠌ ᠢ ᠬᠠᠮᠠᠭᠠᠯᠠᠬᠤ ᠪᠠᠷ
ᠥᠩᠭᠦᠷᠢᠵᠤ ᠳᠠᠷᠤᠭᠰᠠᠨ ᠪᠦᠸᠸᠽᠡᠢ ᠪᠣᠯᠤ︕
ᠠᠳᠬᠤ ᠪᠠᠷ ᠰᠠᠴᠤᠭᠰᠠᠨ ᠦᠷ᠎ᠡ
ᠠᠮᠤ ᠶᠢᠨ ᠠᠭᠤᠯᠠ ᠪᠣᠯᠵᠤ
ᠳ᠋ᠸᠤ ᠪᠠᠷ ᠶᠠᠠᠳᠠᠭᠰᠠᠨ ᠪᠣᠳᠠᠭ᠎ᠠ
ᠲᠦᠮᠡᠨ ᠳ᠋ᠠᠨ ᠳᠤ ᠭᠦᠷᠦᠭ᠍ᠰᠡᠨ ᠨᠢ
ᠡᠳᠡᠭᠡᠷ ᠪᠠᠭᠠᠵᠢ ᠶᠢᠨ ᠭᠠᠪᠢᠶ᠎ᠠ ᠳᠤᠯᠠ
(ᠡᠷᠭᠢᠮ ᠢᠩᠭᠡᠨ) ᠵᠢᠡᠷ ᠮᠢᠯᠢᠶᠠᠵᠤ ᠪᠠᠢ᠌ᠨ᠎ᠠ᠃
ᠵᠡᠷᠭᠡᠯᠡᠵᠤ ᠬᠤᠷᠢᠶᠠᠬᠤ ᠪᠠᠭᠠᠵᠢ ᠮᠢᠨᠢ
ᠵᠢᠪᠠᠷᠠᠵᠤ ᠰᠥᠢᠦᠡᠭᠦ ᠦᠭᠡᠶ ᠥᠡᠵᠡᠭᠡᠷᠡᠢ︕
ᠵᠢᠯ ᠵᠢᠯ ᠡᠨᠡ ᠮᠠᠶᠢᠭ ᠵᠢᠠᠷ
ᠵᠢᠦᠡᠭᠦᠭᠦ ᠭᠠᠪᠢᠶ᠎ᠠ ᠥᠵᠡᠭᠦᠯᠦᠭᠡᠷᠡᠢ︕
ᠣᠮ ᠮᠠ ᠬᠤᠩ︕ ᠭᠡᠵᠤ ᠪᠠᠭᠠᠵᠢ ᠭᠡᠷᠡᠭ᠍ᠰᠡᠯ ᠶᠢᠡᠨ ᠪᠦᠭᠦᠳᠡ ᠶᠢ ᠬᠤᠯᠪᠤᠨ ᠮᠠᠭᠳᠠᠵᠤ᠂ ᠠᠮᠤᠰᠤᠨ ᠪᠣᠳᠠᠭ᠎ᠠ᠂ ᠰᠢᠷ᠎ᠠ ᠳᠤᠰᠤ ᠪᠠᠷ ᠮᠢᠯᠢᠶᠠᠨ᠂ ᠠᠷᠢᠭᠢ ᠳᠠᠷᠠᠰᠤ ᠳᠤᠰᠤᠭᠠᠨ᠎ᠠ᠃ ᠦᠳᠦᠷᠮ᠎ᠠ ᠶᠢᠨ ᠡᠵᠡᠨ ᠵᠠᠯᠭᠠᠭᠠᠤᠨ᠄
ᠵᠧ᠂ ᠣᠮ ᠰᠠᠢ᠌ᠨ ᠠᠮᠤᠭᠤᠯᠠᠩ ᠪᠣᠯᠳᠤᠭᠠᠢ︕
ᠳᠡᠭᠡᠭᠡᠵᠤ ᠥᠳᠦᠷᠮᠡᠯᠡᠭ᠍ᠰᠡᠨ ᠳᠠᠷᠢᠶ᠎ᠠ ᠮᠢᠨᠢ
ᠲᠦᠮᠡᠨ ᠳ᠋ᠠᠨ ᠶᠢᠡᠷ ᠶᠠᠠᠳᠠᠭ︕
ᠳᠡᠭ᠍ᠵᠢᠷᠡᠵᠤ ᠥᠭᠡᠳᠡᠯᠡᠭᠦ ᠠᠮᠢᠳᠤᠷᠠᠯ ᠳᠤ ᠮᠢᠨᠢ
ᠳᠡᠵᠢᠭᠡᠯ ᠰᠢᠮ᠎ᠠ ᠪᠠᠨ ᠰᠢᠩᠭᠡᠭᠡ︕
ᠠᠷᠢᠯᠭᠠᠵᠤ ᠬᠤᠷᠢᠶᠠᠭᠰᠠᠨ ᠪᠣᠳᠠᠭ᠎ᠠ ᠮᠢᠨᠢ
ᠠᠴᠢᠳᠤ ᠠᠭᠤᠯᠠ ᠰᠢᠭ᠌ ᠰᠥᠡᠳᠦᠷᠯᠡᠭ᠌︕
ᠠᠷᠢᠭᠤᠨ ᠰᠠᠢ᠌ᠬᠠᠨ ᠠᠮᠢᠳᠤᠷᠠᠯ ᠳᠤ ᠮᠢᠨᠢ
ᠠᠯᠳᠠ ᠪᠣᠯᠤᠨ ᠭᠦᠷᠦᠩᠰᠢᠭ᠌︕
ᠬᠠᠶᠠᠵᠤ ᠠᠷᠢᠯᠭᠠᠭᠰᠠᠨ ᠪᠣᠳᠠᠭ᠎ᠠ ᠮᠢᠨᠢ
ᠬᠠᠨ ᠠᠭᠤᠯᠠ ᠰᠢᠭ᠌ ᠰᠥᠡᠳᠦᠯᠡᠭ᠌︕
ᠬᠠᠮᠤᠭ ᠣᠯᠠᠨ ᠤ ᠠᠮᠢᠳᠤᠷᠠᠯ ᠳ᠋ᠤ
ᠬᠠᠯᠠᠭᠤᠨ ᠭᠡᠰᠢᠭ᠌ ᠪᠠᠨ ᠭᠦᠷᠳᠡᠭᠡᠭ᠌︕ ᠭᠡᠵᠤ ᠢᠷᠦᠭᠡᠭᠦ ᠳᠤ ᠣᠯᠠᠨ ᠶᠢᠡᠷ ᠶᠢᠡᠨ᠄
ᠶᠠᠠᠳᠠᠵᠤ ᠪᠠᠷᠠᠰᠢ ᠦᠭᠡᠶ ᠦᠳᠦᠷᠮ᠎ᠠ ᠳ᠋ᠠᠭᠢ
ᠢᠯᠠᠭᠠᠷᠠᠭᠤᠯᠵᠤ ᠣᠪᠣᠭᠠᠯᠠᠭᠰᠠᠨ ᠪᠣᠳᠠᠭ᠎ᠠ ᠪᠠᠨ
ᠪᠣᠮᠠᠨ ᠡᠷᠳᠡᠨᠢ ᠶᠢᠨ ᠳ᠋ᠸᠤ ᠪᠠᠷ
ᠪᠣᠰᠢᠭᠤ ᠪᠣᠰᠢᠭᠤ ᠶᠠᠠᠳᠠᠵᠤ ᠭᠦᠮᠦᠷᠭᠡᠯᠡᠶᠡ︕ ᠭᠡᠳ ᠣᠪᠣᠭ᠎ᠠ ᠲᠡᠶ ᠠᠮᠤ ᠪᠠᠨ ᠳ᠋ᠸᠤᠯᠠᠨ ᠶᠠᠠᠳᠠᠵᠤ᠂ ᠠᠢ᠌ᠵᠢᠮ ᠳᠠᠭᠠᠷᠠᠭᠤᠯᠤᠨ ᠨᠢᠭᠡ ᠳ᠋ᠸᠤ᠂ ᠬᠤᠶᠠᠷ ᠳ᠋ᠸᠤ᠂ ᠭᠤᠷᠪᠠᠨ ᠳ᠋ᠸᠤ᠁ ᠭᠡᠵᠤ ᠠᠶᠠᠯᠠᠭᠤᠯᠤᠨ ᠳᠤᠭᠠᠯᠠᠵᠤ ᠬᠡᠤᠳᠡᠢ ᠣᠭᠤᠳᠠᠨ ᠳᠠᠭᠠᠨ ᠭᠢᠵᠤ ᠠᠪᠣᠭᠠᠤᠨ ᠬᠠᠮᠤᠭ ᠰᠡᠭᠦᠯ ᠳ᠋ᠤᠨᠢ ᠬᠠᠮᠳᠤᠪᠠᠷ ᠶᠢᠡᠨ᠄
ᠡᠴᠢᠭᠡ ᠳᠡᠭ᠍ᠷᠢ ᠲᠤ ᠣᠮ ᠮᠠ ᠬᠤᠩ︕
ᠡᠭᠡ ᠭᠠᠵᠠᠷ ᠲᠤ ᠣᠮ ᠮᠠ ᠬᠤᠩ⁈
ᠬᠠᠨ ᠠᠭᠤᠯᠠ ᠶᠢᠨ ᠨᠠᠪᠳᠠᠭ ᠰᠠᠪᠳᠠᠭ ᠲᠤ ᠣᠮ ᠮᠠ ᠬᠤᠩ︕
ᠬᠠᠢ᠌ᠷᠠᠳᠤ ᠨᠤᠳᠤᠭ ᠤᠨ ᠡᠵᠡᠳ ᠰᠠᠭᠢᠭᠤᠰᠤ ᠳᠤ ᠣᠮ ᠮᠠ ᠬᠤᠩ︕
ᠠᠷᠪᠠᠨ ᠵᠥᠭ᠌ ᠤᠨ ᠪᠣᠷᠬᠠᠨ ᠰᠠᠭᠢᠭᠤᠰᠤ ᠳᠤ ᠣᠮ ᠮᠠ ᠬᠤᠩ︕
ᠠᠪᠣ ᠳᠡᠭᠡᠳᠦᠰ ᠤᠨ ᠰᠢᠳᠦᠭᠡᠨ ᠰᠦᠨᠠᠰᠤ ᠳᠤ ᠣᠮ ᠮᠠ ᠬᠤᠩ︕ ᠭᠡᠵᠤ ᠳᠠᠭᠢᠨ ᠨᠢᠭᠡ ᠣᠳᠠᠭ᠎ᠠ ᠡᠷᠭᠦᠯᠳᠡ ᠰᠠᠴᠤᠯᠢ ᠡᠷᠭᠦᠨ᠎ᠡ᠃
ᠦᠳᠦᠷᠮ᠎ᠠ ᠶᠢᠨ ᠡᠵᠡᠨ ᠡᠴᠡ ᠴᠤᠭᠯᠠᠷᠠᠨ ᠢᠷᠡᠭ᠍ᠰᠡᠨ ᠬᠡᠦᠬᠡᠳ ᠲᠤ ᠪᠣᠷᠠᠮ ᠰᠢᠭᠢᠷ ᠪᠣᠤᠪᠣ ᠪᠣᠭᠤᠷᠰᠤᠭ ᠤᠨ ᠵᠣᠢ᠌ᠯ ᠢ ᠳᠦᠭᠡᠭᠡᠵᠤ᠄ 《ᠰᠠᠢ᠌ᠨ ᠠᠮᠠ ᠲᠡᠶ ᠪᠣᠯ︕》 ᠭᠡᠵᠤ ᠢᠷᠦᠭᠡᠭᠦ ᠶᠢᠨ ᠬᠠᠮᠳᠤ ᠠᠮᠤᠰᠤᠨ ᠪᠣᠳᠠᠭ᠎ᠠ ᠠᠮᠰᠠᠭᠤᠯᠤᠨ᠎ᠠ᠃ ᠢᠩᠭᠢᠵᠤ ᠪᠠᠢ᠌ᠳᠠᠯ᠎ᠠ ᠦᠳᠦᠷᠮ᠎ᠠ ᠶᠢᠨ ᠡᠵᠡᠨ ᠲᠡᠶ ᠦᠶ᠎ᠡ ᠵᠡᠷᠭᠡ ᠶᠢᠨ ᠨᠢᠭᠡ ᠭᠦᠮᠤᠨ ᠭᠦᠷᠦᠯᠴᠡᠨ ᠢᠷᠠᠵᠤ᠂ ᠠᠶᠠᠭ᠎ᠠ ᠲᠡᠶ ᠠᠮᠤᠰᠤᠨ ᠪᠣᠳᠠᠭ᠎ᠠ ᠡᠴᠡ ᠭᠠᠷ ᠶᠢᠡᠷ ᠶᠢᠡᠨ ᠠᠳᠬᠤᠨ ᠠᠪᠴᠤ ᠦᠳᠦᠷᠮ᠎ᠠ ᠶᠢᠨ ᠡᠵᠡᠨ ᠤ ᠮᠠᠩᠨᠠᠢ ᠬᠠᠮᠠᠷ ᠣᠷᠤᠭᠤ ᠮᠢᠯᠢᠶᠠᠵᠤ᠄ 《ᠦᠳᠦᠷᠮ᠎ᠠ ᠶᠢᠨ ᠡᠵᠡᠨ ᠶᠢᠡᠨ ᠮᠢᠯᠢᠶᠠᠶ᠎ᠠ᠂ ᠣᠮ ᠮᠠ ᠬᠤᠩ︕》 ᠭᠡᠳ ᠴᠠᠰᠢ ᠪᠠᠨ ᠳᠤᠳᠠᠭᠠᠬᠤ ᠳᠤ ᠣᠯᠠᠨ ᠶᠢᠡᠷ ᠶᠢᠡᠨ 《ᠭᠢ᠂ ᠭᠢ᠂ ᠬᠨ ᠬᠨ》 ᠭᠡᠵᠤ ᠢᠨᠢᠶᠠᠯᠴᠠᠨ᠂ ᠦᠳᠦᠷᠮ᠎ᠠ ᠳᠠᠭᠢᠬᠤ ᠶᠤᠰᠤᠯᠠᠯ ᠦᠨᠳᠦᠷᠯᠠᠨᠠ᠃
ᠶᠤᠰᠤᠯᠠᠯ ᠥᠡᠳᠦᠷᠯᠡᠭ᠍ᠰᠡᠨ ᠤ ᠳᠠᠷᠠᠭ᠎ᠠ᠂ ᠳᠠᠭᠢᠯᠭ᠎ᠠ ᠶᠢᠨ ᠶᠤᠰᠤᠯᠠᠯ ᠳᠤ ᠣᠷᠤᠯᠴᠠᠭᠰᠠᠨ ᠣᠯᠠᠨ ᠶᠢᠡᠷ ᠶᠢᠡᠨ ᠭᠡᠤᠳᠡᠢ ᠲᠡᠶ ᠪᠣᠳᠠᠭ᠎ᠠ ᠪᠠᠨ ᠦᠳᠦᠷᠮ᠎ᠠ ᠶᠢᠨ ᠡᠵᠡᠨ ᠤ ᠳᠤ ᠬᠠᠪᠰᠤᠷᠠᠨ ᠭᠦᠮᠦᠷᠭᠡᠯᠡᠵᠤ ᠦᠭᠭᠦᠭᠡᠳ ᠭᠡᠷ ᠲᠤ ᠨᠢ ᠣᠷᠤᠵᠤ ᠨᠢᠭᠤᠷ ᠭᠠᠷ ᠶᠢᠡᠨ ᠣᠭᠢᠶᠠᠨ᠂ ᠰᠢᠷᠡᠭᠡᠨ ᠳᠤ ᠰᠠᠭᠤᠯᠴᠠᠨ ᠨᠠᠢ᠌ᠷᠯᠠᠨᠠ᠃ ᠨᠠᠢ᠌ᠷ ᠳᠡᠭᠡᠷ᠎ᠡ ᠣᠯᠠᠨ ᠶᠢᠡᠷ ᠶᠢᠡᠨ ᠠᠷᠢᠭᠢ ᠣᠤᠭᠤᠨ᠂ ᠳᠠᠭᠤᠤ ᠳᠠᠭᠤᠯᠠᠨ᠂ ᠱᠤᠭ ᠢᠨᠢᠶᠠᠳᠤᠮ ᠭᠠᠷᠭᠠᠨ᠂ ᠡᠨᠡ ᠵᠢᠯ ᠤᠨ ᠡᠯᠪᠠᠭ᠌ ᠬᠤᠷᠢᠶᠠᠯᠳᠠ ᠪᠠᠨ ᠪᠠᠯᠡᠭᠯᠡᠨ᠂ ᠴᠠᠳᠳᠠᠯ᠎ᠠ ᠢᠳᠠᠵᠤ ᠬᠠᠨᠤᠳᠠᠯ᠎ᠠ ᠣᠤᠭᠤᠨ ᠢᠷᠡᠭᠦ ᠵᠢᠯ ᠤᠨ ᠰᠠᠢ᠌ᠨ ᠰᠠᠢ᠌ᠬᠠᠨ ᠥᠭᠡᠳᠡ ᠡᠰᠡᠷᠡᠭ᠌ ᠪᠣᠯᠬᠤ ᠶᠢ ᠵᠦᠩᠨᠠᠨ ᠪᠠᠯᠭᠡᠳᠡᠳᠡᠭ᠌᠃
ᠵᠤᠬᠢᠶᠠᠭᠴᠢ ᠶᠢᠨ ᠬᠠᠶᠢᠭ᠄ ᠣᠯᠠᠭᠠᠠᠬᠠᠳᠠ ᠬᠤᠳᠠ ᠶᠢᠨ ᠣᠩᠨᠢᠭᠤᠳ ᠬᠤᠰᠢᠭᠤᠨ ᠤ ᠭᠦᠳᠡᠭᠡ ᠳᠤᠰᠬᠤᠨ ᠤ ᠢᠳᠡᠭᠡᠮᠵᠢ ᠶᠢᠨ ᠬᠤᠷᠰᠢᠶ᠎ᠠ
ᠵᠤᠬᠢᠶᠠᠭᠴᠢ᠄ ᠨᠡᠮᠳᠡᠢ᠌ᠰᠥ᠋ᠷᠦᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠵᠠᠩ ᠤᠢ᠌ᠯᠠᠳᠠᠷᠤᠮ᠄ 7492
ᠴᠠᠭ᠄ 2009 ᠤᠨ ᠤ 02 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ