ᠨᠡᠪᠲᠡᠷᠡᠨ ᠤᠷᠤᠬᠤ
ᠮᠤᠩᠭ᠋ᠤᠯ ᠪᠦᠰᠡᠭᠦᠢ

ᠮᠤᠩᠭ᠋ᠤᠯ ᠪᠦᠰᠡᠭᠦᠢ᠂ ᠨᠠᠷᠠᠨ ᠤ ᠦᠬᠢᠨ

ᠮᠤᠩᠭ᠋ᠤᠯ ᠡᠷ᠎ᠡ ᠶᠢᠨ ᠮᠦᠷᠤ ᠶᠢᠨ ᠭᠢᠨᠢ ᠳᠦᠰᠢᠭ᠌ ᠪᠣᠯ ᠭᠡᠵᠤ

ᠮᠥᠩᠭᠡ ᠳᠡᠭ᠍ᠷᠢ ᠡᠴᠠ ᠳᠤᠮᠢᠯᠠᠭᠰᠠᠨ

ᠰᠠᠷᠠᠨ ᠳᠠᠭᠢᠨᠢ ᠶᠢᠨ ᠪᠦᠷᠢᠯᠸ᠎ᠡ᠃


ᠦᠴᠦᠭᠡᠨ ᠳᠠᠳᠤᠢ ᠣᠴᠢᠷ ᠢ

ᠥ ᠪᠣᠯᠭᠠᠨ ᠳᠠᠪᠠᠯᠠᠳᠠᠭ

ᠦᠨᠡᠨ ᠬᠠᠢ᠌ᠷ᠎ᠠ ᠪᠠᠨ ᠵᠤᠷᠢᠭᠤᠯᠤᠭᠰᠠᠨ ᠵᠠᠯᠠᠭᠤ ᠳᠤ ᠪᠠᠨ

ᠣᠠᠳᠤᠭᠤᠴᠢᠵᠤ ᠡᠷᠭᠡᠯᠡᠭᠡᠳ ᠪᠠᠢ᠌ᠳᠠᠭ ᠪᠦᠰᠡᠭᠦᠢ ᠵᠠᠩ ᠴᠤ

ᠣᠩᠭ᠋ᠤᠨ ᠴᠡᠴᠡᠭ᠌ ᠲᠡᠶ ᠨᠤᠭᠤᠭᠠᠨ ᠳᠠᠯ᠎ᠠ ᠳᠤ ᠪᠠᠨ ᠳᠤᠷᠨᠢᠭᠰᠠᠨ

ᠦᠵᠠᠮᠵᠢᠳᠤ ᠮᠤᠩᠭ᠋ᠤᠯ ᠪᠦᠰᠡᠭᠦᠢ ᠡᠢ᠌ᠮᠤ ᠪᠢᠰᠢ᠃

ᠡᠳ᠋ ᠮᠦᠩᠭᠦ ᠭᠤᠶᠤᠯᠠᠯ ᠵᠠᠰᠠᠯ ᠢ

ᠦᠬᠢᠳ ᠪᠣᠯᠭᠠᠨ ᠭᠦᠰᠡᠮᠵᠢᠯᠡᠳᠡᠭ᠌ ᠴᠤ

ᠠᠶᠠᠳᠠᠢ ᠭᠡᠳᠤᠨ ᠵᠥᠭᠡᠯᠡᠭᠡᠨ ᠥᠭᠡ ᠵᠢ

ᠪᠦᠰᠡᠭᠦᠢᠴᠦᠳ ᠪᠣᠯᠭᠠᠨ ᠳᠠᠭᠠᠯᠠᠳᠠᠭ ᠴᠤ

ᠪᠦᠭᠦ ᠠᠮᠢᠳᠤᠷᠠᠯ ᠶᠢᠡᠨ ᠳᠡᠭᠦᠨ ᠳᠤ ᠦᠷᠡᠭ᠍ᠳᠡᠭᠦᠯᠵᠤ

ᠮᠤᠷᠢᠳᠠᠨ ᠵᠠᠯᠠᠭᠤᠰ ᠶᠢᠡᠨ ᠡᠮᠵᠡᠭᠯᠡᠭᠦᠯᠤᠨ ᠪᠠᠢ᠌ᠳᠠᠭ

ᠮᠣᠢ᠌ᠯ ᠬᠠᠷ᠎ᠠ ᠨᠢᠳᠤᠨ ᠮᠤᠩᠭ᠋ᠤᠯ ᠪᠦᠰᠡᠭᠦᠢ ᠳᠠᠢ᠌ᠮᠤ ᠪᠢᠰᠢ᠃


ᠣᠨᠤᠨ ᠤ ᠭᠦᠪᠠᠭᠡᠨ ᠳ᠋ᠤ

ᠣᠯᠠᠨ ᠳᠡᠭ᠍ᠳᠡᠭᠡᠭᠡᠢ ᠶᠢᠨ ᠶᠢᠡᠨ ᠵᠢᠭᠦᠷ ᠢ ᠬᠠᠳᠠᠭᠤᠵᠢᠭᠤᠯᠤᠭᠰᠠᠨ

ᠣᠯᠠᠨ ᠡᠴᠠ ᠭᠡᠳᠥᠢᠳᠡᠭ᠍ᠰᠡᠨ ᠡᠷᠡᠯᠭᠡᠭ᠌ ᠪᠦᠷᠭᠦᠤᠨ ᠢ

ᠠᠽᠢ ᠶᠢᠨ ᠴᠡᠭᠡᠵᠢᠨ ᠳᠤ ᠳᠡᠭᠦᠯᠢᠭᠦᠯᠦᠭ᠍ᠰᠡᠨ

ᠠᠭᠤᠤ ᠡᠭᠡ ᠥᠭᠡᠯᠤᠨ ᠮᠤᠩᠭ᠋ᠤᠯ ᠪᠦᠰᠡᠭᠦᠢ᠃

ᠭᠠᠵᠠᠷ ᠤᠨ ᠵᠢᠷᠤᠭ ᠢ ᠭᠠᠩ ᠳᠤᠭᠤᠷᠠᠢ ᠪᠠᠷ ᠰᠠᠢ᠌ᠯᠵᠤ

ᠭᠠᠯᠪᠠ ᠶ‍ᠢᠷᠳᠢᠠᠴᠤ ᠶᠢ ᠳᠤᠩᠰᠤᠯᠭᠠᠵᠤ ᠶᠠᠪᠣᠬᠤ ᠳᠤ ᠨᠢ

ᠮᠡᠷᠭᠡᠨ ᠣᠬᠠᠭᠠᠨ ᠶᠢᠡᠨ ᠳᠤᠩᠭ᠋ᠠᠨ ᠪᠠᠢ᠌ᠵᠤ

ᠮᠠᠷᠭᠠᠰᠢ ᠶᠢᠨ ᠣᠢ᠌ᠯᠠ ᠳᠤ ᠨᠢ ᠳᠤᠰᠠᠯᠠᠳᠠᠭ

ᠡᠵᠡᠨ ᠴᠢᠩᠭᠢᠰ ᠤᠨ ᠬᠠᠢ᠌ᠷᠠᠳᠤ ᠬᠠᠳᠤᠨ

ᠡᠭᠡᠴᠦᠦᠯ ᠪᠣᠯᠭᠠᠨ ᠤ ᠳᠠᠭᠤᠷᠢᠶᠠᠯ ᠪᠦᠷᠳᠡ᠂ ᠶ‍ᠢᠰᠤᠢ ᠮᠤᠩᠭ᠋ᠤᠯ ᠪᠦᠰᠡᠭᠦᠢ᠃

ᠰᠠᠳᠠᠷᠠᠭᠰᠠᠨ ᠮᠤᠩᠭ᠋ᠤᠯ ᠤᠨ ᠪᠣᠳᠠᠷᠠᠭᠰᠠᠨ ᠡᠩᠨᠡᠭᠡ ᠵᠢ

ᠰᠠᠷᠠᠭᠤᠯ ᠣᠬᠠᠭᠠᠨ᠂ ᠰᠠᠮᠪᠠᠭ᠎ᠠ ᠴᠢᠳᠠᠯ ᠶᠢᠡᠷ ᠶᠢᠡᠨ ᠨᠥᠭᠦᠨ ᠶᠠᠪᠣᠬᠤ ᠳᠤ ᠪᠠᠨ

ᠣᠨᠠᠭᠠᠨ ᠬᠠᠢ᠌ᠷ᠎ᠠ ᠪᠠᠨ ᠣᠮᠠᠷᠳᠠᠨ ᠪᠠᠢ᠌ᠭᠰᠠᠨ

ᠣᠬᠠᠭᠠᠠᠳᠤ ᠬᠠᠳᠤᠨ ᠮᠠᠠᠳᠤᠬᠠᠢ ᠮᠤᠩᠭ᠋ᠤᠯ ᠪᠦᠰᠡᠭᠦᠢ᠃

ᠬᠠᠷ᠎ᠠ ᠯᠤᠤ ᠶᠢᠨ ᠰᠠᠪᠠᠷ ᠡᠴᠠ ᠡᠭᠡ ᠨᠤᠳᠤᠭ ᠪᠠᠨ ᠬᠠᠮᠠᠭᠠᠯᠠᠵᠤ

ᠬᠠᠷᠭᠢᠰ ᠮᠠᠠᠵᠤ ᠶᠢᠨ ᠡᠷᠭᠡᠨ ᠡᠴᠠ ᠮᠤᠩᠭ᠋ᠤᠯ ᠲᠦᠮᠡᠨ ᠶᠢᠡᠨ ᠳᠤᠰᠠᠭᠠᠷᠯᠠᠬᠤ ᠶᠢᠨ ᠳᠤᠯᠠᠳᠠ

ᠬᠠᠢ᠌ᠷᠠᠳᠤ ᠭᠠᠯᠳᠠᠨ ᠳᠤ ᠪᠠᠨ ᠳᠦᠰᠢᠭ᠌ ᠪᠣᠯᠤᠨ ᠶᠠᠪᠣᠭᠰᠠᠨ

ᠬᠠᠷᠪᠣᠵᠤ ᠨᠠᠮᠨᠠᠬᠤ ᠳᠤ ᠪᠠᠯᠡᠭᠡᠨ ᠪᠠᠢ᠌ᠳᠠᠭ

ᠬᠠᠨ ᠸᠴᠢᠷᠳᠤ ᠶᠢᠨ ᠦᠬᠢᠨ ᠠᠨᠤ ᠮᠤᠩᠭ᠋ᠤᠯ ᠪᠦᠰᠡᠭᠦᠢ᠃

ᠡᠭᠡ ᠨᠤᠳᠤᠭ ᠤᠨ ᠶᠢᠡᠨ ᠬᠠᠯᠠᠭᠤᠨ ᠭᠦᠷᠦᠰᠤ ᠵᠢ

ᠡᠵᠡᠷᠭᠡᠭ᠌ ᠳᠦᠷᠢᠮᠭᠡᠢ᠌ᠳᠡᠨ ᠶᠢᠡᠷ ᠬᠠᠭᠠᠯᠪᠣᠷᠢᠯᠠᠭᠤᠯᠬᠤ ᠦᠭᠡᠶ ᠭᠡᠵᠤ

ᠡᠷ᠎ᠡ ᠨᠥᠭᠦᠷ ᠭᠠᠳᠠ ᠮᠠᠢ᠌ᠷᠠᠨ ᠢ ᠪᠠᠨ

ᠳᠠᠢ᠌ᠨ ᠤ ᠴᠠᠭ ᠲᠤ ᠰᠤᠮᠤ ᠰᠢᠭ ᠣᠬᠠᠭᠠᠨ ᠶᠢᠡᠷ ᠶᠢᠡᠨ ᠬᠤᠷᠴᠠᠯᠠᠵᠤ ᠶᠠᠪᠣᠭᠰᠠᠨ

ᠳᠠᠢ᠌ᠴᠢᠨ ᠵᠤᠷᠢᠭᠳᠤ ᠮᠦᠳᠠᠨ ᠮᠤᠩᠭ᠋ᠤᠯ ᠪᠦᠰᠡᠭᠦᠢ᠃

ᠳᠠᠢ᠌ᠨ ᠤ ᠭᠠᠯ ᠡᠴᠠ ᠬᠠᠨᠢ ᠪᠠᠨ ᠬᠠᠷᠠᠮᠯᠠᠳᠠᠭ ᠦᠭᠡᠶ ᠴᠤ

ᠳᠠᠢ᠌ᠰᠤᠨ ᠤ ᠰᠠᠪᠠᠷ ᠡᠴᠠ ᠨᠤᠳᠤᠭ ᠶᠢᠡᠨ ᠥᠮᠴᠢᠷᠭᠡᠳᠡᠭ᠌

ᠳᠠᠷᠬᠠᠨ ᠮᠤᠩᠭ᠋ᠤᠯ ᠤᠨ ᠳᠠᠢ᠌ᠨ ᠤ ᠪᠠᠭᠠᠳᠤᠷ ᠠᠶᠤᠰᠢ ᠵᠢᠨ

ᠰᠡᠳᠭᠢᠯ ᠤᠨ ᠬᠤᠩᠭ᠋ᠤᠷ 《ᠪᠣᠷᠮ᠎ᠠ》 ᠮᠤᠩᠭ᠋ᠤᠯ ᠪᠦᠰᠡᠭᠦᠢ᠃

ᠰᠢᠯᠢᠳᠡᠭ᠌ ᠲᠦᠯᠦᠭᠡᠯᠡᠭ᠍ᠴᠢ ᠶᠢᠨ ᠰᠢᠯᠭᠠᠷᠠᠭᠤᠯᠤᠯᠳᠠ ᠪᠠᠷ

ᠰᠠᠢ᠌ᠨ ᠮᠠᠯᠴᠢᠨ ᠪᠣᠯᠤᠭᠰᠠᠨ

ᠰᠠᠨᠠᠭᠠᠨ ᠤ ᠬᠠᠨᠢ ᠰᠡᠩᠭᠡ ᠶᠢᠨ ᠵᠢᠠᠨ

ᠰᠠᠢ᠌ᠬᠠᠨ ᠭᠡᠷᠭᠡᠢ ᠨᠢ ᠪᠣᠯᠤᠨ ᠵᠠᠶᠠᠭᠠᠭᠰᠠᠨ

ᠡᠷ᠎ᠡ ᠨᠥᠭᠦᠷ ᠤᠨ ᠶᠢᠡᠨ ᠳᠠᠪᠠᠯ ᠢ

ᠡᠯᠪᠡᠭᠳᠡᠭᠦᠯᠤᠨ ᠪᠠᠢ᠌ᠵᠤ ᠡᠮᠦᠰᠦᠭ᠍ᠰᠡᠨ

ᠡᠵᠡᠨ ᠶᠢᠡᠨ ᠣᠯᠤᠭᠰᠠᠨ ᠣᠳᠤᠨ ᠢ

ᠡᠩᠭᠡᠷ ᠳᠡᠭᠡᠷ᠎ᠡ ᠪᠠᠨ ᠭᠢᠯᠠᠯᠵᠠᠭᠤᠯᠤᠨ ᠪᠠᠢ᠌ᠭᠰᠠᠨ

ᠡᠭᠡᠯ ᠵᠢᠷ ᠤᠨ ᠮᠠᠯᠴᠢᠨ 《ᠰᠠᠪᠵᠢᠳᠮ᠎ᠠ》 ᠮᠤᠩᠭ᠋ᠤᠯ ᠪᠦᠰᠡᠭᠦᠢ᠃

ᠬᠠᠪᠣᠷ ᠤᠨ ᠣᠷᠢ ᠢᠷᠡᠭ᠍ᠰᠡᠨ ᠢ

ᠭᠦᠳᠡᠭᠡ ᠨᠤᠳᠤᠭ ᠲᠤ ᠠᠩᠬ᠎ᠠ ᠮᠡᠳᠡᠭᠡᠯᠡᠭ᠍ᠰᠡᠨ

ᠬᠤᠨᠢᠴᠢᠨ ᠭᠦᠤ ᠪᠣᠷᠤᠪᠠᠠᠳᠢ ᠳ᠋ᠤ

ᠭᠦᠮᠤᠨ ᠰᠤᠶᠤᠯ᠂ ᠭᠦᠭ᠍ᠵᠢᠯ ᠪᠠᠳᠠᠷᠠᠯ ᠭᠡᠳᠡᠭ᠌ ᠢ

ᠭᠦᠯᠢᠴᠡᠨ ᠪᠠᠢ᠌ᠵᠤ ᠳᠠᠨᠢᠭᠤᠯᠤᠭᠰᠠᠨ

ᠬᠤᠳᠠ ᠶᠢᠨ ᠭᠡᠦᠭᠡᠨ 《ᠦᠯᠵᠠᠢ᠌ᠮ᠎ᠠ》 ᠮᠤᠩᠭ᠋ᠤᠯ ᠪᠦᠰᠡᠭᠦᠢ᠃


ᠡᠷᠳᠡᠨ ᠤ ᠡᠪᠦᠭᠡᠳ ᠤᠨ ᠳᠡᠦᠭᠡᠨ ᠡᠴᠠ ᠬᠠᠷᠠᠬᠤ ᠳ᠋ᠤ

ᠡᠷᠡᠯᠭᠡᠭ᠌ ᠰᠤᠤᠳᠤ ᠮᠤᠩᠭ᠋ᠤᠯ ᠡᠷ᠎ᠡ ᠵᠢ

ᠮᠤᠩᠭ᠋ᠤᠯ ᠪᠦᠰᠡᠭᠦᠢ ᠳᠦᠷᠦᠭ᠍ᠰᠡᠨ᠂ ᠳᠦᠰᠢᠭ᠍ᠰᠡᠨ᠂ ᠳᠤᠯᠤᠭᠰᠠᠨ

ᠤᠢ᠌ᠷ᠎ᠡ ᠦᠶ᠎ᠡ ᠶᠢᠨ ᠪᠦᠳᠦᠭᠡᠯ ᠤᠳ ᠡᠴᠠ ᠬᠠᠷᠠᠬᠤ ᠳ᠋ᠤ

ᠣᠬᠠᠭᠠᠨ ᠪᠢᠯᠢᠭ᠍ᠳᠤ ᠮᠤᠩᠭ᠋ᠤᠯ ᠡᠷ᠎ᠡ ᠵᠢ

ᠮᠤᠩᠭ᠋ᠤᠯ ᠪᠦᠰᠡᠭᠦᠢ ᠬᠠᠯᠠᠮᠵᠢᠯᠠᠭᠰᠠᠨ᠂ ᠬᠠᠢ᠌ᠷᠠᠯᠠᠭᠰᠠᠨ

ᠣᠳᠤᠭᠢ ᠨᠡᠢ᠌ᠭᠡᠮ ᠤᠨ ᠪᠠᠢ᠌ᠳᠠᠯ ᠢ ᠬᠠᠷᠠᠬᠤ ᠳ᠋ᠤ

ᠮᠤᠩᠭ᠋ᠤᠯ ᠪᠦᠰᠡᠭᠦᠢ ᠳᠤᠳᠠᠭᠠᠤᠨ ᠪᠠᠢ᠌ᠨ᠎ᠠ᠂ ᠭᠠᠩᠳᠠᠭᠠᠤᠨ ᠪᠠᠢ᠌ᠨ᠎ᠠ᠂ ᠴᠥᠭᠡᠷᠡᠭᠡᠳ ᠪᠠᠢ᠌ᠨ᠎ᠠ

ᠮᠥᠩᠭᠡ ᠳᠡᠭ᠍ᠷᠢ ᠡᠴᠠ ᠭᠦᠭᠡ ᠳᠤᠯᠪᠣ ᠶᠢ ᠠᠪᠤᠨ ᠵᠠᠶᠠᠭᠠᠭᠰᠠᠨ

ᠮᠤᠩᠭ᠋ᠤᠯ ᠪᠦᠰᠡᠭᠦᠢ ᠳᠤᠳᠠᠬᠤ ᠶ‍ᠦᠰᠦᠭᠦᠢ

ᠮᠤᠷᠢᠳᠠᠨ ᠣᠳᠤᠮ ᠤᠨ ᠴᠢᠰᠤ ᠪᠠᠨ ᠬᠤᠯᠢᠮᠠᠭᠰᠢᠭᠤᠯᠤᠨ ᠪᠠᠢ᠌ᠬᠤ ᠶ‍ᠦᠰᠦᠭᠦᠢ

ᠮᠤᠩᠭ᠋ᠤᠯ ᠨᠤᠳᠤᠭ ᠤᠨ ᠠᠭᠠᠷ ᠢ ᠠᠮᠢᠰᠬᠤᠯᠠᠨ ᠪᠠᠢ᠌ᠵᠤ ᠣᠬᠠᠭᠠᠵᠢᠭᠰᠠᠨ

ᠮᠤᠩᠭ᠋ᠤᠯ ᠪᠦᠰᠡᠭᠦᠢ ᠴᠥᠭᠡᠷᠡᠭᠦ ᠶ‍ᠦᠰᠦᠭᠦᠢ

ᠮᠥᠩᠭᠡᠳᠡ ᠣᠷᠤᠰᠢᠬᠤ ᠪᠣᠰᠤᠭ᠎ᠠ ᠰᠤᠶᠤᠯ ᠶᠢᠡᠨ ᠭᠡᠪᠳᠡᠭᠡ ᠪᠠᠷ ᠪᠢᠴᠢᠭᠯᠡᠭᠦ ᠶ‍ᠦᠰᠦᠭᠦᠢ


ᠰᠢᠨ᠎ᠡ ᠡᠷᠡᠨ ᠤ ᠮᠤᠩᠭ᠋ᠤᠯ ᠪᠦᠰᠡᠭᠦᠢ ᠭᠡᠵᠤ

ᠰᠢᠡᠵᠢᠯᠡᠭᠦ ᠣᠬᠠᠭᠠᠨ᠂ ᠰᠢᠯᠢᠳᠡᠭ᠌ ᠰᠤᠶᠤᠯ ᠢ ᠡᠵᠡᠮᠰᠢᠭ᠍ᠰᠡᠨ ᠪᠠᠢ᠌ᠵᠤ ᠳᠠᠭᠠᠷᠠᠨ᠎ᠠ

ᠵᠥᠪᠭᠡᠨ ᠮᠤᠩᠭ᠋ᠤᠯ ᠵᠠᠯᠠᠭᠤᠰ ᠤᠨ ᠶᠢᠡᠨ

ᠵᠠᠶᠠᠭᠠᠨ ᠤ ᠭᠢᠨᠢ ᠬᠠᠨᠢ ᠨᠢ ᠪᠣᠯᠤᠭᠰᠠᠨ ᠪᠠᠢ᠌ᠵᠤ ᠳᠠᠭᠠᠷᠠᠨ᠎ᠠ᠃

ᠬᠤᠷᠢᠨ ᠨᠢᠭᠡᠳᠦᠭᠡᠷ ᠵᠠᠭᠤᠨ ᠤ ᠮᠤᠩᠭ᠋ᠤᠯ ᠪᠦᠰᠡᠭᠦᠢ ᠭᠡᠵᠤ

ᠬᠤᠵᠢᠮ ᠬᠣᠢ᠌ᠰᠢ ᠶᠢᠨ ᠠᠯᠤᠰ ᠤᠨ ᠬᠠᠷᠠᠴᠠ ᠲᠡᠶ ᠪᠠᠢ᠌ᠵᠤ ᠳᠠᠭᠠᠷᠠᠨ᠎ᠠ

ᠬᠠᠳᠠᠷᠢᠶᠠᠠᠳᠤ ᠭᠦᠯᠦᠭ᠌ ᠤᠨ ᠳᠠᠯ ᠳᠡᠭᠡᠷ᠎ᠡ ᠳᠡᠭᠦᠯᠢᠨ ᠪᠠᠢ᠌ᠵᠤ ᠦᠰᠦᠭ᠍ᠰᠡᠨ ᠮᠤᠩᠭ᠋ᠤᠯ ᠪᠦᠰᠡᠭᠦᠢ

ᠭᠦᠢ ᠲᠦᠮᠡᠨ ᠮᠤᠩᠭ᠋ᠤᠯ ᠭᠦᠤ ᠶᠢ ᠳᠦᠷᠦᠭᠦᠯᠦᠭ᠍ᠰᠡᠨ ᠪᠠᠢ᠌ᠵᠤ ᠳᠠᠭᠠᠷᠠᠨ᠎ᠠ᠃

ᠣᠳᠤ ᠴᠠᠭ ᠤᠨ ᠮᠤᠩᠭ᠋ᠤᠯ ᠪᠦᠰᠡᠭᠦᠢ ᠭᠡᠵᠤ

ᠠᠤᠭ᠎ᠠ ᠪᠣᠳᠤᠯᠭ᠎ᠠ᠂ ᠠᠭᠤᠵᠢᠭᠤ ᠰᠡᠳᠭᠢᠯ ᠲᠡᠶ ᠪᠠᠢ᠌ᠵᠤ ᠳᠠᠭᠠᠷᠠᠨ᠎ᠠ

ᠠᠭᠤᠤ ᠶᠡᠭᠡ ᠭᠦᠭᠡ ᠮᠤᠩᠭ᠋ᠤᠯ ᠤᠨ ᠣᠢ᠌ᠯᠠᠰ ᠳᠤ

ᠦᠴᠦᠭᠡᠨ ᠴᠤ ᠭᠡᠰᠡᠨ ᠭᠦᠴᠤ ᠪᠠᠨ ᠡᠷᠭᠦᠨ ᠳᠠᠭᠠᠷᠠᠨ᠎ᠠ᠃


ᠵᠤᠬᠢᠶᠠᠭᠴᠢ ᠶᠢᠨ ᠬᠠ‍‌ᠶᠢᠭ ᠄ ᠪᠠᠷᠠᠭᠤᠨ ᠬᠣᠢ᠌ᠳᠤ ᠶᠢᠨ ᠪᠠᠭᠰᠢ ᠶᠢᠨ ᠶᠡᠭᠡ ᠰᠤᠷᠭᠠᠭᠤᠯᠢ

ᠵᠤᠬᠢᠶᠠᠭᠴᠢ᠄ ᠮᠠᠠᠳᠠᠷᠸ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2632
ᠴᠠᠭ᠄ 2012 ᠤᠨ ᠤ 12 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ