ᠨᠡᠪᠲᠡᠷᠡᠨ ᠤᠷᠤᠬᠤ
ᠴᠢᠮ᠎ᠠ ᠳᠤ ᠭᠡᠯᠡᠶ᠎ᠡ

ᠬᠠᠢ᠌ᠷ᠎ᠠ ᠶᠢᠨ ᠵᠠᠶᠠᠭ᠎ᠠ ᠲᠡᠶ ᠬᠤᠷᠸ᠎ᠠ ᠳ᠋ᠤ

ᠬᠠᠨᠢᠠᠯᠬᠤ ᠶᠢᠨ ᠳᠠᠪᠢᠯᠠᠩ ᠦᠭᠡᠶ ᠣᠴᠠᠷᠠᠭᠰᠠᠨ

ᠪᠣᠷᠤ ᠨᠢᠳᠤᠨ ᠦᠬᠢᠨ ᠴᠢ ᠮᠢᠨᠢ

ᠪᠣᠳᠤᠯ ᠤᠨ ᠥᠭᠡ ᠶᠢ ᠮᠢᠨᠢ ᠰᠤᠨᠤᠰᠤᠭᠠᠴᠢ


ᠬᠠᠯᠠᠭᠤᠨ ᠰᠡᠳᠭᠢᠯ ᠢ ᠴᠢᠨᠢ ᠭᠦᠡᠳᠡᠭᠡᠵᠤ

ᠬᠠᠢ᠌ᠷ᠎ᠠ ᠶᠢᠨ ᠣᠴᠢ ᠶᠢ ᠴᠢᠨᠢ ᠭᠦᠷᠦᠭᠡᠵᠤ

ᠪᠣᠷᠤᠭᠤ ᠶᠠᠪᠣᠭᠰᠠᠨ ᠣᠰᠤᠯ ᠢ ᠮᠢᠨᠢ

ᠪᠣᠴᠠᠵᠤ ᠬᠠᠷᠠᠭᠠᠤᠨ ᠠᠭᠤᠴᠢᠯᠠᠭᠠᠷᠠᠢ


ᠬᠠᠷ᠎ᠠ ᠰᠡᠳᠭᠢᠯ ᠲᠡᠶ ᠨᠠᠳᠠ ᠳ᠋ᠤ

ᠬᠠᠢ᠌ᠷ᠎ᠠ ᠪᠠᠨ ᠳᠤᠰᠢᠶᠠᠭᠰᠠᠨ ᠨᠢ ᠴᠢᠨᠤ ᠣᠰᠤᠯ

ᠬᠠᠭᠠᠴᠠᠵᠤ ᠰᠠᠯᠬᠤ ᠶᠢᠨ ᠴᠠᠭ ᠳᠤ

ᠬᠠᠷᠠᠮᠰᠠᠵᠤ ᠵᠤᠪᠠᠨᠢᠭᠰᠠᠨ ᠨᠢ ᠮᠢᠨᠤ ᠣᠶᠠᠷᠠᠯ


ᠬᠠᠯᠠ ᠲᠡᠶ ᠳᠠᠮᠤ ᠲᠡᠶ ᠬᠤᠷᠸ᠎ᠠ ᠳ᠋ᠤ

ᠬᠠᠭᠠᠰᠬᠠᠨ ᠰᠠᠷ᠎ᠠ ᠳᠠᠰᠤᠯᠴᠠᠭᠰᠠᠨ ᠴᠤ

ᠬᠠᠢ᠌ᠷ᠎ᠠ ᠪᠠᠷ ᠭᠦᠪᠦᠷᠢᠭ᠍ᠰᠡᠨ ᠰᠡᠳᠭᠢᠯ ᠢ ᠴᠢᠨᠢ

ᠬᠠᠪᠳᠠᠭᠠᠢ ᠴᠡᠭᠡᠵᠢᠨ ᠳᠠᠭᠠᠨ ᠳᠤᠭᠳᠠᠭᠠᠵᠤ ᠶᠠᠪᠣᠶ᠎ᠠ


ᠨᠠᠷᠠᠳᠤ ᠣᠷᠴᠢᠯᠠᠩ ᠤᠨ ᠳᠤᠭᠤᠰᠤᠨ ᠳ᠋ᠤ

ᠨᠠᠮᠢ᠋ᠢ ᠣᠷᠭᠢᠭᠠᠤᠨ ᠶᠠᠪᠣᠭᠰᠠᠨ ᠴᠤ

ᠨᠠᠷᠠᠨ ᠬᠤᠸᠠᠷ ᠨᠠᠷ᠎ᠠ ᠶᠢ ᠴᠢᠨᠢ

ᠨᠠᠰᠤᠨ ᠳᠤᠷᠰᠢᠳᠠ ᠳᠤᠷᠠᠰᠴᠤ ᠶᠠᠪᠣᠶ᠎ᠠ


ᠵᠤᠭᠢᠶᠠᠭᠴᠢ ᠶᠢᠨ ᠬᠠᠶ‍ᠢᠭ ᠄ ᠣᠷᠳᠤᠰ ᠬᠤᠳᠠ ᠶᠢᠨ ᠬᠠᠩᠭᠢᠨ ᠬᠤᠰᠢᠭᠤ

ᠵᠤᠬᠢᠶᠠᠭᠴᠢ᠄ ᠰᠣ᠊·ᠦᠨᠡᠠᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2653
ᠴᠠᠭ᠄ 2010 ᠤᠨ ᠤ 01 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ