☆ ᠵᠢᠯᠠᠮ·ᠮᠠᠠᠳᠤᠪᠠᠶᠠᠷ
ᠬᠠᠢ᠌ᠷᠠᠳᠠᠢ ᠯᠠ ᠪᠠᠢ᠌ᠵᠤ ᠳ᠋ᠠ
᠊᠊᠊᠊᠊᠊᠊᠊᠊᠊᠊᠊᠊᠊᠊ ᠲ᠋ᠠᠭᠤᠨ ᠤ ᠥᠭᠡ
ᠳᠤᠮᠤᠭ᠎ᠠ ᠦᠭᠡᠶ᠂ ᠳᠡᠭ᠍ᠵᠢᠨ ᠬᠡᠦᠬᠡᠳ ᠨᠠᠰᠤᠨ ᠳ᠋ᠠᠭᠠᠨ
ᠳᠤᠭᠤᠵᠤ ᠬᠠᠢ᠌ᠷᠠᠯᠠᠬᠤ ᠶᠢᠨ ᠳᠤᠬᠠᠢ᠂ ᠪᠣᠳᠤᠭ᠎ᠠ ᠦᠭᠡᠶ ᠯᠠ ᠪᠠᠢ᠌ᠵᠤ ᠳ᠋ᠠ᠂
ᠳᠤᠭᠯᠠᠩᠬᠠᠨ᠂ ᠵᠢᠷᠭᠠᠩᠬᠠᠨ᠂ ᠨᠠᠭᠠᠳᠴᠤ ᠶᠠᠪᠣᠬᠤ ᠳ᠋ᠠᠭᠠᠨ
ᠳᠤᠷᠮᠤᠯᠵᠠᠨ ᠰᠢᠷᠳᠡᠭᠦ ᠬᠠᠷᠠᠴᠠ ᠶᠢ ᠴᠢᠨᠢ ᠠᠩᠵᠠᠷᠠᠭᠠ ᠦᠭᠡᠶ ᠯᠠ ᠪᠠᠢ᠌ᠵᠤ ᠳ᠋ᠠ᠂
ᠬᠠᠢ᠌ᠷᠠᠳᠠᠢ ᠯᠠ ᠪᠠᠢ᠌ᠵᠤ ᠳ᠋ᠠ᠂ ᠪᠢᠳᠠᠨ ᠬᠤᠶᠠᠷ
ᠭᠡᠨ ᠭᠡᠨ ᠳᠡᠭᠡᠨ᠂ ᠬᠠᠢ᠌ᠷᠠᠳᠠᠢ ᠯᠠ ᠪᠠᠢ᠌ᠵᠤ ᠳ᠋ᠠ
ᠥᠭᠡᠢ᠌ᠯᠡᠨ ᠰᠠᠨᠠᠨ ᠳᠤᠷᠠᠯᠠᠵᠤ ᠶᠠᠪᠣᠬᠤ ᠳ᠋ᠠᠭᠠᠨ
ᠥᠭᠡ ᠪᠠᠨ ᠭᠡᠯᠡᠭᠡ ᠦᠭᠡᠶ ᠨᠢ ᠪᠣᠷᠤᠭᠤ ᠯᠠ ᠪᠠᠢ᠌ᠵᠤ ᠳ᠋ᠠ᠂
ᠦᠷᠤ ᠵᠢᠷᠦᠭᠡᠨ ᠤ ᠬᠠᠢ᠌ᠷ᠎ᠠ ᠪᠠᠨ ᠨᠢᠭᠤᠭᠠᠤᠨ
ᠦᠪᠡᠷ ᠢ ᠴᠢᠨᠢ ᠭᠦᠯᠢᠶᠡᠳᠡᠭ᠌ ᠨᠢ ᠠᠯᠳᠠᠭ᠎ᠠ ᠯᠠ ᠪᠠᠢ᠌ᠵᠤ ᠳ᠋ᠠ᠂
ᠬᠠᠢ᠌ᠷᠠᠳᠠᠢ ᠯᠠ ᠪᠠᠢ᠌ᠵᠤ ᠳ᠋ᠠ᠂ ᠪᠢᠳᠠᠨ ᠬᠤᠶᠠᠷ
ᠭᠡᠨ ᠭᠡᠨ ᠳᠡᠭᠡᠨ᠂ ᠬᠠᠢ᠌ᠷᠠᠳᠠᠢ ᠯᠠ ᠪᠠᠢ᠌ᠵᠤ ᠳ᠋ᠠ
ᠬᠤᠷᠢᠮ ᠤᠨ ᠴᠢᠨᠢ ᠡᠳᠦᠷ᠂ ᠬᠤᠠᠳᠠᠭ᠎ᠠ ᠡᠷᠭᠦᠭᠦ ᠳ᠋ᠡᠭᠡᠨ
ᠬᠠᠷᠠᠴᠠ ᠪᠠᠷ ᠶᠢᠡᠨ ᠭᠡᠯᠡᠭᠦ᠂ ᠥᠭᠡ ᠶᠢ ᠴᠢᠨᠢ ᠣᠩᠰᠢᠯ᠎ᠠ
ᠬᠤᠯᠠᠳᠴᠤ ᠴᠤ ᠴᠢᠳᠠᠬᠤ ᠦᠭᠡᠶ᠂ ᠤᠢ᠌ᠷᠠᠳᠴᠤ ᠴᠤ ᠪᠣᠯᠬᠤ ᠥᠭᠡᠢ
ᠬᠤᠶᠠᠷ ᠨᠢᠳᠤᠨ ᠳᠤ ᠴᠢᠨᠢ ᠨᠢᠯᠪᠣᠰᠤ ᠬᠤᠷᠠᠯ᠎ᠠ᠂
ᠬᠠᠢ᠌ᠷᠠᠳᠠᠢ ᠯᠠ ᠪᠠᠢ᠌ᠵᠤ ᠳ᠋ᠠ᠂ ᠪᠢᠳᠠᠨ ᠬᠤᠶᠠᠷ
ᠭᠡᠨ ᠭᠡᠨ ᠳᠡᠭᠡᠨ ᠬᠠᠢ᠌ᠷᠠᠳᠠᠢ ᠯᠠ ᠪᠠᠢ᠌ᠵᠤ ᠳ᠋ᠠ᠂
ᠬᠠᠢ᠌ᠷᠠᠳᠠᠢ ᠯᠠ ᠪᠠᠢ᠌ᠵᠤ ᠳ᠋ᠠ᠂ ᠪᠢᠳᠠᠨ ᠬᠤᠶᠠᠷ
ᠭᠡᠯᠡᠵᠤ ᠴᠢᠳᠠᠭ᠎ᠠ ᠦᠭᠡᠶ ᠨᠢ ᠠᠯᠳᠠᠭ᠎ᠠ ᠯᠠ ᠪᠠᠢ᠌ᠵᠤ ᠳ᠋ᠠ︕
2009.4.22
ᠵᠤᠬᠢᠶᠠᠭᠴᠢ ᠶᠢᠨ ᠬᠠᠶᠢᠭ ᠄ ᠰᠢᠯᠢ ᠶᠢᠨ ᠭᠤᠤᠯ ᠠᠢ᠌ᠮᠠᠭ ᠤᠨ ᠰᠢᠯᠤᠭᠤᠨ ᠭᠦᠭᠡ ᠬᠤᠰᠢᠭᠤ
ᠵᠤᠬᠢᠶᠠᠭᠴᠢ᠄ ᠵᠢᠯᠠᠮ·ᠮᠠᠠᠳᠤᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2635
ᠴᠠᠭ᠄ 2011 ᠤᠨ ᠤ 01 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ