☆ ᠪᠠ᠊·ᠣᠤᠠᠬᠤᠠᠪᠠᠭᠠᠳᠤᠷ
ᠬᠠᠢ᠌ᠷ᠎ᠠ ᠳᠤ ᠦᠷᠳᠡᠭ᠌ ᠥᠭᠡᠢ
ᠬᠠᠢ᠌ᠷ᠎ᠠ ᠳᠤ ᠦᠷᠳᠡᠭ᠌ ᠨᠤᠭᠤᠯᠳᠠᠭ ᠪᠣᠯ
ᠪᠢ ᠳ᠋ᠦ᠋ᠩᠰᠢᠭᠤᠷᠳᠠᠨ ᠪᠣᠯᠴᠢᠬᠠᠭᠰᠠᠨ ᠁
ᠭᠠᠷ ᠶᠢᠡᠨ ᠳᠤᠰᠤᠭᠰᠠᠨ ᠭᠣᠢ᠌ᠯᠢᠠᠴᠢᠨ ᠤ
ᠴᠢᠷᠠᠢ ᠶᠢ ᠨᠢ ᠬᠠᠷᠠᠵᠤ ᠭᠦᠭᠡᠷᠦᠭᠦᠢᠯᠡ
ᠭᠠᠠᠵᠤᠭ᠎ᠠ ᠳᠤᠰᠤᠯᠠᠩᠬᠠᠨ ᠭᠡᠳᠦᠭᠡᠨ ᠮᠦᠩᠭᠦ ᠪᠠᠨ ᠴᠤ
ᠳᠠᠭᠠᠳᠬᠠᠭᠰᠠᠨ ᠰᠡᠳᠭᠢᠯ ᠲᠡᠶ ᠪᠠᠨ ᠡᠷᠭᠦᠵᠤ ᠪᠠᠢ
ᠳᠤᠭᠤᠰᠤᠳᠤ ᠡᠷᠢᠶᠡᠨ ᠬᠤᠷᠸ᠎ᠠ ᠳ᠋ᠤ
ᠭᠦᠨᠡᠰᠤ ᠲᠡᠶ ᠪᠠᠨ ᠭᠦᠮᠤᠨ ᠡᠷᠭᠢᠴᠡᠳᠡᠭ᠌ ᠬᠣᠢ᠌ᠨ᠎ᠠ
ᠭᠡᠨ ᠠᠯᠢᠨ ᠢ ᠪᠠᠨ ᠠᠳᠠ ᠪᠣᠤ ᠬᠠᠷ᠎ᠠ
ᠭᠡᠵᠢᠶ᠎ᠡ ᠡᠳᠦᠷ ᠭᠠᠷ ᠴᠢᠨᠢ ᠬᠤᠭᠤᠰᠤᠷᠠᠬᠤ ᠣᠳᠠᠭ᠎ᠠ ᠴᠤ ᠪᠣᠢ
ᠨᠠᠷᠠ ᠳᠠᠭᠠᠭᠰᠠᠨ ᠡᠳᠦᠷ ᠤᠳ ᠭᠡᠵᠤ
ᠨᠠᠷᠠᠯᠠᠭ ᠭᠡᠰᠢᠭ᠌ ᠶᠢᠡᠨ ᠬᠤᠷᠣᠢ᠌ᠯᠠᠳᠠᠭ ᠶᠤᠮ
ᠨᠠᠰᠤ ᠡᠯᠡᠭᠡᠭ᠍ᠰᠡᠨ ᠠᠮᠢᠳᠤᠷᠠᠯ ᠭᠡᠵᠤ
ᠨᠥᠭᠦᠴᠡᠯ ᠶᠢᠡᠨ ᠭᠡᠮᠨᠡᠨ ᠳᠡᠮᠡᠴᠡᠳᠡᠭ᠌ ᠯᠠ ᠶᠤᠮ
ᠭᠠᠩᠭ᠋ᠠᠩ ᠭᠡᠭᠡᠡᠴᠡᠷ ᠪᠠᠶ᠎ᠠ ᠴᠢᠨᠢ ᠴᠤ
ᠭᠠᠵᠢᠳᠠᠭ ᠨᠢᠭᠡᠨ ᠴᠠᠭ ᠪᠣᠢ
ᠭᠠᠩ ᠬᠠᠳᠠᠭᠤ ᠵᠤᠷᠢᠭ ᠮᠢᠨᠢ ᠴᠤ
ᠭᠠᠵᠠᠷ ᠤᠨ ᠦᠨᠦᠷ ᠶᠢᠡᠷ ᠵᠥᠭᠡᠯᠡᠷᠡᠳᠡᠭ᠌ ᠴᠤ ᠶᠤᠮ
ᠨᠠᠰᠤᠨ ᠤ ᠠᠮᠢᠳᠤᠷᠠᠯ ᠳ᠋ᠤ
ᠨᠢᠭᠡ ᠶᠢ ᠪᠠᠨ ᠳᠦᠰᠢᠳᠡᠭ᠌ ᠨᠠᠢ᠌ᠵᠠ ᠬᠠᠷᠢᠨ
ᠨᠠᠷᠠ ᠲᠡᠶ ᠡᠳᠦᠷ ᠶᠢᠡᠷ ᠳ᠋ᠧᠩᠯᠤ ᠪᠠᠷᠢᠭᠠᠤᠨ ᠴᠤ ᠣᠯᠳᠠᠬᠤ ᠥᠭᠡᠢ
ᠨᠢᠭᠤᠷ ᠶᠢᠡᠨ ᠦᠵᠡᠯᠴᠠᠪᠠᠯ
ᠠᠭᠠᠯᠢ ᠪᠠᠷ ᠶᠢᠡᠨ ᠬᠠᠶᠠᠯᠴᠠᠳᠠᠭ ᠭᠦᠮᠤᠨ ᠬᠠᠷᠢᠨ
ᠱᠥᠭᠦᠷ ᠪᠠᠷᠢᠭᠠᠤᠨ
ᠬᠤᠷᠭᠤᠯ ᠴᠤᠭᠯᠠᠭᠤᠯᠤᠭᠰᠠᠨ ᠴᠤ ᠮᠤᠩᠳᠠᠬᠤ ᠪᠠᠷ ᠥᠭᠡᠢ
ᠬᠠᠢ᠌ᠷ᠎ᠠ ᠪᠠᠷ ᠣᠮᠳᠠᠯᠠᠭᠰᠠᠨ
ᠳᠡᠷᠡᠭᠡᠨ ᠰᠠᠢ᠌ᠬᠠᠨ ᠮᠦᠴᠡ ᠯᠠ
ᠬᠠᠷᠠᠴᠤ ᠶᠢᠨ ᠬᠡᠦᠬᠡᠳ
ᠳᠡᠭ᠍ᠷᠢ ᠴᠡᠯᠮᠡᠭ᠍ᠰᠢᠨ ᠥᠢᠯᠡᠰᠵᠢᠳᠡᠭ᠌ ᠶᠤᠮ
ᠬᠠᠢ᠌ᠷ᠎ᠠ ᠪᠣᠴᠠᠯᠭᠠᠭᠰᠠᠨ ᠥᠭᠡᠭᠦᠨ ᠠᠮᠢᠳᠤᠷᠠᠯ ᠳᠤ ᠬᠠᠷᠢᠨ
ᠭᠡᠳᠡᠢ᠌ᠰᠭᠢᠨ ᠰᠠᠭᠤᠵᠤ
ᠠᠯᠳᠠᠨ ᠠᠶᠠᠭ᠎ᠠ ᠲᠡᠶ ᠪᠠᠨ ᠵᠢᠷᠭᠠᠳᠠᠭ ᠶᠤᠮ
ᠠᠮᠢᠨ ᠬᠠᠢ᠌ᠷ᠎ᠠ ᠭᠡᠵᠤ ᠠᠮᠢᠳᠤ ᠪᠠᠨ ᠭᠡᠷᠡᠭᠯᠡᠭᠡᠳ ᠪᠠᠷᠠᠳᠠᠭ ᠦᠭᠡᠶ ᠬᠣᠢ᠌ᠨ᠎ᠠ
ᠠᠵᠠ ᠲᠡᠶ ᠭᠦᠮᠤᠨ ᠳᠤ ᠪᠠᠨ
ᠬᠠᠷᠠᠮ ᠦᠭᠡᠶ ᠥᠭ᠍ᠴᠤ ᠯᠠ ᠪᠠᠢ
ᠡᠷ᠎ᠡ ᠡᠮ᠎ᠡ ᠭᠦᠭᠡᠰᠦᠳᠡᠨ ᠭᠡᠵᠤ ᠪᠣᠤ ᠢᠯᠭᠠ
ᠡᠭᠡ ᠣᠷᠤᠨ ᠴᠢᠮ᠎ᠠ ᠶᠢ ᠪᠣᠷᠤᠭᠤᠰᠢᠶᠠᠬᠤ ᠪᠠᠷ ᠦᠭᠡᠶ ᠶᠤᠮ
ᠡᠭᠡᠨᠡᠭ᠍ᠳᠡ ᠣᠷᠤᠰᠢᠬᠤ ᠣᠷᠤᠨ ᠵᠠᠢ ᠪᠠᠷ
ᠥᠩᠰᠢᠭ᠌ ᠳᠤᠷᠭᠠᠨ ᠬᠤᠷᠸ᠎ᠠ ᠭᠡᠵᠤ
ᠬᠠᠢ᠌ᠷ᠎ᠠ ᠲᠡᠶ ᠪᠠᠨ ᠳᠤᠭᠤᠯᠴᠠᠨ ᠰᠤᠯᠤᠩᠭ᠋ᠠᠷᠠᠳᠠᠭ ᠶᠤᠮ
ᠬᠠᠢ᠌ᠷ᠎ᠠ ᠳᠤ ᠦᠷᠳᠡᠭ᠌ ᠪᠣᠳᠤᠭ᠎ᠠ ᠶᠤᠮ ᠪᠣᠯ
ᠬᠠᠷᠠᠴᠤ ᠶᠢᠨ ᠭᠦᠪᠠᠭᠦᠤᠨ ᠡᠴᠠ
ᠭᠣᠢ᠌ᠯᠢᠠᠴᠢ ᠯᠠᠪ ᠭᠠᠷᠬᠤ ᠦᠭᠡᠶ ᠯᠠ ᠶᠤᠮ ᠁
2011 . 5 . 17
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠠᠵᠤ ᠣᠢ᠌ᠯᠠᠳᠪᠣᠷᠢ ᠬᠤᠳᠠᠯᠳᠤᠭᠠᠨ ᠤ ᠬᠤᠯᠪᠣᠭ᠎ᠠ
ᠵᠤᠬᠢᠶᠠᠭᠴᠢ᠄ ᠪᠠ᠊·ᠣᠤᠠᠬᠤᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2734
ᠴᠠᠭ᠄ 2011 ᠤᠨ ᠤ 05 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ