☆ ᠬᠦᠷᠡᠯᠤ᠋ᠨᠢᠰᠤ
ᠭᠦᠭᠡᠷᠦᠭᠦᠢ ᠣᠨᠢᠰᠤ ᠶᠢᠨ ᠣᠴᠢᠷᠯᠠᠯ
ᠭᠠᠭᠴᠠᠭᠠᠷᠳᠠᠵᠤ ᠪᠢᠴᠢᠭ᠍ᠰᠡᠨ ᠰᠢᠯᠦᠭ᠌
᠊᠊᠊᠊᠊᠊᠊᠊᠊᠊᠊᠊᠊᠊᠊ ᠪᠦᠳᠤᠨ ᠰᠦᠨᠢ ᠨᠣᠢ᠌ᠷ ᠬᠤᠯᠵᠢᠭᠠᠤᠨ
ᠪᠣᠰᠤᠳ ᠡᠴᠡ ᠪᠢᠷ ᠵᠢᠭᠡᠯᠡᠵᠤ ᠪᠢᠴᠢᠪᠠᠢ
ᠠᠭᠠᠰᠢ ᠮᠠᠭᠤᠳᠠᠢ ᠠᠮᠢᠳᠤᠷᠠᠯ ᠴᠢ
ᠠᠯᠢᠪᠠ ᠶᠢ ᠳᠠᠩᠳᠠ ᠨᠠᠳᠠ ᠡᠴᠡ ᠬᠠᠷᠠᠮᠨᠠᠭᠠᠤᠨ ᠪᠠᠢ᠌ᠬᠤ ᠶᠤᠮ ᠡ
ᠠᠷᠭ᠎ᠠ ᠪᠠᠷᠠᠭᠳᠠᠵᠤ ᠪᠣᠭᠢᠨᠢᠳᠤᠯ ᠭᠡᠴᠡᠭᠦᠳᠡᠭᠦ ᠳᠤ ᠯᠠ ᠴᠢ
ᠠᠵᠠ ᠮᠠᠭᠤᠳᠠᠢ ᠨᠣᠢ᠌ᠷ ᠢ ᠮᠢᠨᠢ ᠬᠤᠯᠵᠢᠭᠤᠯᠤᠭᠠᠤᠨ ᠵᠢᠷᠭᠠᠳᠠᠭ ᠯᠠ ᠪᠠᠢ᠌ᠯᠭᠦᠢ
ᠠᠮᠢᠳᠤᠷᠠᠯ ᠴᠢ ᠭᠡᠷᠪᠡ ᠨᠢᠭᠡᠨ ᠶᠡᠭᠡᠳᠡᠭᠦᠤ ᠵᠠᠩ ᠳᠠᠢ
ᠦᠬᠢᠨ ᠭᠦᠮᠤᠨ ᠪᠣᠯᠤᠭᠰᠠᠨ ᠪᠣᠯ
ᠠᠷᠠᠢ ᠨᠠᠮ᠎ᠠ ᠶᠢ ᠳᠡᠷᠭᠡᠳᠡ ᠪᠠᠨ ᠪᠠᠢ᠌ᠯᠭᠠᠬᠤ ᠦᠭᠡᠶ ᠪᠠᠢ᠌ᠬᠤ ᠳ᠋ᠠ
ᠠᠮᠢᠳᠤᠷᠠᠯ ᠴᠢ ᠭᠡᠷᠪᠡ ᠨᠢᠭᠡᠨ ᠭᠦᠴᠤ ᠳᠤᠷᠪᠢᠳᠤ
ᠡᠷ᠎ᠡ ᠴᠢᠳᠠᠯᠳᠠᠨ ᠪᠣᠯᠤᠭᠰᠠᠨ ᠪᠣᠯ
ᠠᠯᠢ ᠭᠡᠳᠥᠢᠨ ᠨᠠᠮ᠎ᠠ ᠶᠢ ᠢᠰᠭᠦᠯᠵᠤ ᠬᠤᠯᠠ ᠶᠠᠪᠣᠭᠤᠯᠴᠢᠬᠠᠭᠰᠠᠨ ᠯᠠ ᠪᠠᠢ᠌ᠬ᠎ᠠ ⁈
ᠠᠮᠢᠳᠤᠷᠠᠯ ᠴᠢ ᠭᠡᠷᠪᠡ ᠵᠠᠩ ᠵᠥᠭᠡᠯᠡᠨ ᠶᠠᠰᠤ ᠬᠠᠳᠠᠭᠤ
ᠠᠪᠣ ᠭᠦᠮᠤᠨ ᠪᠣᠯᠤᠭᠰᠠᠨ ᠪᠣᠯ
ᠠᠯᠢᠪᠠ ᠳᠤ ᠭᠤᠳᠤᠷᠠᠩᠭ᠋ᠤᠢ ᠶᠠᠪᠣᠬᠤ ᠶᠢ ᠮᠢᠨᠢ ᠥᠵᠡᠭᠡᠳ
ᠠᠷᠭᠠᠳᠠᠯ ᠥᠭᠡ᠂ ᠡᠡᠯᠳᠡᠩᠭᠡᠨ ᠰᠤᠷᠭᠠᠯ ᠶᠤᠭᠠᠨ ᠬᠠᠢ᠌ᠷᠠᠯᠠᠬᠤ ᠪᠠᠢ᠌ᠬ᠎ᠠ ⁈
ᠠᠮᠢᠳᠤᠷᠠᠯ ᠴᠢ ᠭᠡᠷᠪᠡ ᠡᠶᠡᠯᠳᠡᠭ᠌ ᠵᠥᠭᠡᠯᠡᠨ
ᠡᠵᠢ ᠭᠦᠮᠤᠨ ᠪᠣᠯᠤᠭᠰᠠᠨ ᠪᠣᠯ
ᠦᠪᠡᠷ ᠶᠢᠡᠨ ᠦᠪᠡᠷ ᠢ ᠪᠠᠨ ᠠᠷᠭᠠᠳᠠᠬᠤ ᠳᠤ ᠮᠢᠨᠢ ᠪᠠᠶᠠᠷᠬᠠᠵᠤ
ᠰᠦᠨ ᠰᠠᠴᠤᠯᠢ᠂ ᠰᠡᠳᠭᠢᠯ ᠤᠨ ᠴᠠᠭᠠᠨ ᠢᠷᠦᠭᠡᠯ ᠶᠢᠡᠨ ᠪᠠᠯᠭᠡᠯᠡᠭᠦ ᠪᠠᠢ᠌ᠬ᠎ᠠ ⁈
ᠠᠮᠢᠳᠤᠷᠠᠯ ᠴᠢ ᠭᠡᠷᠪᠡ ᠳᠦᠷᠤ ᠶᠢᠨ ᠰᠢᠳᠤᠷᠭᠤ ᠰᠢᠭᠦᠭ᠍ᠴᠢ
ᠲᠦᠮᠡᠨ ᠤ ᠭᠤᠤᠯᠴᠢ ᠳᠠᠭᠤᠳᠠᠨ
ᠲᠦᠪ ᠶᠤᠰᠤ ᠶᠢ ᠨᠡᠭᠡᠷᠡᠨ ᠳᠡᠷᠢᠭᠦᠨ ᠳᠤ ᠴᠢᠬᠤᠯᠴᠢᠯᠠᠳᠠᠭ ᠶᠤᠮ ᠪᠣᠯ
ᠠᠢ᠌ᠪᠢ ᠴᠠᠢ᠌ᠪᠢ ᠶᠠᠪᠣᠭᠴᠢ ᠦᠴᠦᠭᠡᠨ ᠪᠢ ᠴᠤ ᠢᠩᠭᠢᠵᠤ ᠣᠴᠢᠷᠯᠠᠬᠤ ᠪᠠᠷ ᠦᠭᠡᠶ ᠳ᠋ᠤᠤ
ᠠᠮᠢᠳᠤᠷᠠᠯ᠂ ᠴᠢ ᠨᠠᠮ᠎ᠠ ᠵᠢ
ᠬᠤᠪᠢ ᠵᠠᠶᠠᠭ᠎ᠠ ᠪᠠᠷ ᠡᠵᠡᠮᠰᠢᠵᠤ ᠪᠣᠯᠤᠨ᠎ᠠ
ᠭᠡᠭᠦ ᠳᠤ ᠪᠠᠨ
ᠦᠪᠡᠷ ᠤᠨ ᠮᠢᠨᠢ ᠡᠷᠭᠡ ᠴᠢᠯᠦᠭᠡ ᠶᠢ ᠬᠠᠰᠤᠵᠤ ᠪᠣᠯᠬᠤ ᠦᠭᠡᠶ
ᠠᠮᠢᠳᠤᠷᠠᠯ᠂ ᠴᠢ ᠨᠠᠮ᠎ᠠ ᠵᠢ
ᠬᠤᠷᠤᠰᠴᠤ ᠡᠯᠳᠡᠪ ᠶᠠᠯᠠᠳᠠᠯᠭᠠ ᠪᠠᠷ ᠰᠢᠳᠭᠡᠵᠤ ᠪᠣᠯᠤᠨ᠎ᠠ
ᠭᠡᠭᠦ ᠳᠤ ᠪᠠᠨ
ᠬᠠᠢ᠌ᠷ᠎ᠠ ᠪᠣᠴᠠᠯᠤᠭᠰᠠᠨ ᠬᠠᠯᠠᠭᠤᠨ ᠠᠮᠢᠳᠤᠷᠠᠯ ᠡᠴᠡ ᠭᠦᠡᠳᠡᠢ᠌ᠷᠡᠭᠦᠯᠵᠤ ᠪᠣᠯᠬᠤ ᠦᠭᠡᠶ
ᠠᠮᠢᠳᠤᠷᠠᠯ᠂ ᠴᠢ ᠨᠠᠮ᠎ᠠ ᠵᠢ
ᠡᠩᠭᠦᠷᠡᠢ᠌ᠯᠡᠵᠤ ᠡᠯᠢᠭᠡᠨ ᠳᠤ ᠪᠠᠨ ᠨᠠᠭᠠᠯᠳᠤᠭᠤᠯᠬᠤ ᠦᠭᠡᠶ ᠪᠠᠢ᠌ᠵᠤ ᠪᠣᠯᠤᠨ᠎ᠠ
ᠭᠡᠭᠦ ᠳᠤ ᠪᠠᠨ
ᠠᠮᠢᠳᠤᠷᠠᠯ ᠤᠨ ᠠᠯᠢ ᠪᠣᠯᠭᠢ ᠪᠠᠷ ᠭᠠᠴᠢᠵᠤ ᠳᠠᠷᠴᠢᠯᠭᠠᠵᠤ ᠪᠣᠯᠬᠤ ᠦᠭᠡᠶ
ᠠᠮᠢᠳᠤᠷᠠᠯ᠂ ᠴᠢ ᠨᠠᠮ᠎ᠠ ᠵᠢ
ᠥᠭᠡᠳᠡ ᠦᠭᠡᠶ ᠦᠴᠦᠭᠡᠨ ᠠᠮᠢᠳᠠᠨ ᠶᠢᠡᠷ ᠥᠯᠢᠳᠭᠡᠵᠤ ᠪᠣᠯᠤᠨ᠎ᠠ
ᠭᠡᠭᠦ ᠳᠤ ᠪᠠᠨ
ᠦᠴᠦᠭᠡᠳᠦᠷ ᠤᠨ ᠥᠡᠳᠡᠭᠡ᠂ ᠥᠨᠦᠳᠦᠷ ᠤᠨ ᠵᠤᠯᠵᠠᠭ᠎ᠠ ᠶᠢᠡᠷ ᠯᠠ ᠰᠠᠨᠠᠵᠤ
ᠭᠠᠯᠪᠠ ᠳᠤ ᠭᠠᠭᠴᠠᠭᠠᠷᠳᠠᠭᠤᠯᠬᠤ ᠶᠢ ᠴᠢᠨᠢ ᠪᠢ ᠦᠪᠡᠷ ᠶᠢᠡᠨ ᠭᠦᠯᠴᠢᠭᠦ ᠦᠭᠡᠶ
ᠭᠤᠮᠤᠳᠠᠵᠤ ᠪᠢᠴᠢᠭ᠍ᠰᠡᠨ ᠰᠢᠯᠦᠭ᠌
᠊᠊᠊᠊᠊᠊᠊᠊᠊᠊᠊᠊᠊᠊᠊ ᠭᠤᠶᠤ ᠭᠡᠦᠭᠡᠨ ᠤ ᠪᠠᠶᠠᠰᠤᠯ
ᠭᠤᠨᠢᠭᠳᠤ ᠡᠷ᠎ᠡ ᠶᠢᠨ ᠭᠤᠳᠤᠷᠠᠯ
ᠭᠤᠮᠤᠳᠠᠨ᠎ᠠ ᠭᠡᠵᠤ ᠪᠢ
ᠭᠤᠤᠯ ᠤᠨ ᠳᠠᠭᠤᠨ ᠶᠢᠡᠷ ᠴᠢᠮ᠎ᠠ ᠳᠤ ᠶᠠᠷᠢᠭ᠎ᠠ ᠥᠭᠡᠢ
ᠭᠤᠮᠤᠳᠠᠭᠰᠠᠨ ᠰᠡᠳᠭᠢᠯ ᠶᠢᠡᠨ ᠪᠢ
ᠴᠠᠭ ᠤᠨ ᠰᠠᠯᠭᠢᠨ ᠳᠤ ᠰᠡᠮᠡᠭᠡᠷ ᠰᠢᠪᠠᠨᠠᠶᠠ
ᠭᠤᠮᠤᠳᠠᠨ᠎ᠠ ᠭᠡᠵᠤ
ᠭᠤᠮᠤᠳᠠᠭᠰᠠᠨ ᠪᠢᠰᠢ᠂
ᠭᠤᠮᠤᠳᠠᠬᠤ ᠶᠢᠨ ᠡᠷᠭᠡᠨ ᠳ᠋ᠤ
ᠭᠤᠳᠤᠷᠠᠭᠰᠠᠨ ᠡᠮᠵᠡᠭ᠍ᠭᠡᠨ ᠰᠡᠳᠭᠢᠯ ᠪᠢ ︕
ᠬᠠᠷᠢᠶᠠᠯᠭᠠᠨᠠ ᠭᠡᠵᠤ
ᠬᠠᠷᠢᠶᠠᠯᠭᠠᠭᠰᠠᠨ ᠪᠢᠰᠢ᠂
ᠬᠠᠮᠤᠭ ᠲᠤ ᠳᠦᠳᠡᠭᠡᠯᠵᠡᠯ ᠲᠡᠶ ᠬᠤᠨᠤᠭᠠᠤᠨ
ᠬᠠᠷ᠎ᠠ ᠳᠠᠷᠤᠵᠤ ᠰᠡᠷᠢᠭ᠍ᠰᠡᠨ ᠰᠦᠨᠢ ᠶᠢᠨ ᠨᠢᠭᠡᠨ ᠵᠡᠭᠦᠳᠤ ᠪᠢ ︕
ᠳᠦᠷᠢᠶᠠᠰᠤᠨ ᠮᠠᠰᠢᠨ ᠡᠴᠡ
ᠲᠦᠰᠢᠵᠤ ᠡᠪᠯᠡᠭᠦᠯᠵᠤ ᠪᠠᠭᠤᠬᠤ ᠳᠤ ᠮᠢᠨᠢ
ᠳᠦᠷᠦᠭᠦᠤ ᠳᠡᠭᠡᠭᠦᠷ ᠭᠢᠰᠭᠢᠴᠢᠮᠠᠷ ᠭᠠᠷᠤᠭᠰᠠᠨ ᠴᠢ ︕
ᠰᠦᠨᠠᠰᠤ ᠪᠠᠨ ᠭᠡᠭᠡᠭ᠍ᠰᠡᠨ ᠮᠠᠳᠤ
ᠰᠥᠭ᠌ ᠰᠦᠯᠳᠡ ᠦᠭᠡᠶ ᠪᠠᠢ᠌ᠬᠤ ᠳᠤ ᠮᠢᠨᠢ
ᠰᠦᠰᠦ ᠬᠠᠳᠠᠭᠤ ᠵᠤᠷᠢᠭ ᠢ ᠪᠠᠷᠢᠵᠤ
ᠰᠦᠯᠵᠢᠶᠠᠨ ᠳᠤ ᠪᠠᠨ ᠶᠠᠭᠠᠷᠠᠭᠰᠠᠨ ᠴᠢ ︕
ᠨᠠᠮ᠎ᠠ ᠶᠢ ᠦᠷᠤᠪᠳᠠᠵᠤ ᠬᠠᠯᠠᠮᠵᠢᠯᠠᠭᠴᠢ
ᠴᠤᠬᠤᠮ ᠭᠡᠨ ᠭᠦᠮᠤᠨ ᠶᠠᠪᠣᠨ᠎ᠠ ᠪᠣᠢ ⁈
ᠨᠠᠮ᠎ᠠ ᠶᠢ ᠬᠠᠷᠢᠶᠠᠨ ᠵᠥᠭᠡᠭ᠍ᠴᠢ
ᠴᠤᠬᠤᠮ ᠭᠡᠨ ᠭᠦᠮᠤᠨ ᠭᠠᠩᠬᠤᠨ᠎ᠠ ᠪᠣᠢ ⁈
ᠬᠠᠷ᠎ᠠ ᠪᠠᠷ ᠪᠣᠳᠤᠵᠤ
ᠬᠠᠳᠠᠭᠤ ᠰᠠᠨᠠᠳᠠᠭ ᠨᠢ
ᠬᠠᠮᠤᠭ ᠢ ᠣᠬᠠᠭᠠᠷᠠᠭᠴᠢ ᠴᠢ ᠦᠦ ︖
ᠬᠠᠢ᠌ᠷ᠎ᠠ ᠪᠠᠨ ᠨᠢᠭᠤᠵᠤ
ᠬᠠᠠᠳᠢᠪᠯᠠᠬᠤ ᠦᠭᠡᠶ ᠶᠠᠪᠣᠳᠠᠭ ᠨᠢ
ᠬᠠᠷᠠᠩᠭ᠋ᠤᠢ ᠰᠦᠨᠢ ᠨᠣᠢ᠌ᠷ ᠢ ᠬᠤᠯᠵᠢᠭᠤᠯᠳᠠᠭ ᠴᠢ ᠦᠦ ︖
ᠪᠢ ᠶᠠᠮᠠᠷ ᠣᠢ᠌ᠯᠠ ᠲᠡᠶ ᠭᠦᠮᠤᠨ ᠶᠠᠪᠣᠨ᠎ᠠ ᠪᠣᠢ ⁈
ᠪᠢ ᠶᠠᠮᠠᠷ ᠪᠣᠷᠤᠭᠤ ᠲᠡᠶ ᠭᠦᠮᠤᠨ ᠭᠤᠳᠤᠷᠠᠨ᠎ᠠ ᠪᠣᠢ ⁈
ᠬᠤᠷᠤᠰᠴᠤ ᠪᠢᠴᠢᠭ᠍ᠰᠡᠨ ᠰᠢᠯᠦᠭ᠌
᠊᠊᠊᠊᠊᠊᠊᠊᠊᠊᠊᠊᠊᠊᠊ ᠢᠨᠠᠭ ᠦᠬᠢᠨ ᠤ ᠪᠠᠨ 《ᠭᠠᠩᠭ᠋ᠠᠩ ᠵᠠᠯᠠᠭᠤ》 ᠭᠡᠭᠦ
ᠭᠠᠭᠴᠠ ᠥᠭᠡᠨ ᠳᠤ ᠬᠤᠷᠤᠰᠴᠤ ᠪᠢᠴᠢᠭ᠍ᠰᠡᠨ ᠰᠢᠯᠦᠭ᠌
ᠭᠡᠦᠭᠡᠡᠴᠦᠳ ᠡ ︕
ᠭᠦᠮᠤᠨ ᠢ ᠨᠢ ᠦᠵᠡ
ᠭᠦᠭᠡᠷᠭᠦᠢᠯᠡᠯᠳᠡᠢ ᠠᠪᠣᠷᠢ ᠳᠤ ᠨᠢ ᠪᠢᠳᠡᠭᠡᠢ ᠳᠠᠳᠠᠭᠳᠠᠴᠢᠬᠠ ︕
ᠵᠢᠷᠦᠭᠡ ᠡᠴᠡ ᠨᠢ ᠭᠠᠳᠠᠷᠯᠠ
ᠵᠥᠭᠡᠷ ᠨᠢᠭᠡ ᠥᠭᠡᠨ ᠳᠤ ᠨᠢ ᠪᠢᠳᠡᠭᠡᠢ ᠬᠠᠭᠤᠷᠳᠠᠴᠢᠬᠠ ︕
ᠵᠢᠰᠤ ᠢ ᠨᠢ ᠬᠠᠷ᠎ᠠ ᠭᠡᠵᠤ ᠪᠢᠳᠡᠭᠡᠢ ᠭᠤᠯᠤ ᠡ ︕
ᠴᠠᠭᠠᠨ ᠭᠡᠵᠤ ᠪᠢᠳᠡᠭᠡᠢ ᠭᠤᠷᠢᠯᠠ ᠡ ︕
ᠴᠢᠨᠤ ᠳᠠᠷᠠ ᠵᠢᠰᠤ ᠨᠢ ᠴᠠᠭᠠᠨ ᠨᠢᠭᠡᠨ ᠤ ᠭᠢᠨᠢ
ᠵᠢᠷᠦᠭᠡ ᠨᠢ ᠭᠦ᠋ ᠡᠴᠡ ᠬᠠᠷ᠎ᠠ
ᠴᠢᠯᠠᠭᠤ ᠡᠴᠡ ᠬᠠᠳᠠᠭᠤ ᠪᠠᠢ᠌ᠵᠤ ᠴᠤ ᠮᠠᠭᠠᠤᠨ ︕
ᠴᠢᠨᠤ ᠡᠨᠡ ᠵᠢᠰᠤ ᠨᠢ ᠬᠠᠷ᠎ᠠ ᠨᠢᠭᠡᠨ ᠤ ᠴᠢᠨᠢ
ᠵᠢᠷᠦᠭᠡ ᠨᠢ ᠴᠠᠰᠤᠨ ᠡᠴᠡ ᠴᠠᠭᠠᠨ
ᠳᠤᠷᠭᠠᠨ ᠡᠴᠡ ᠵᠥᠭᠡᠯᠡᠨ ᠪᠠᠢ᠌ᠵᠤ ᠴᠤ ᠮᠡᠳᠡᠭᠦ ᠶᠤᠮ ᠳ᠋ᠠ ︕
ᠬᠠᠷᠠᠩᠭ᠋ᠤᠢ ᠰᠦᠨᠢ ᠭᠢᠷᠠᠭᠤ ᠪᠠᠭᠤᠬᠤ ᠪᠠᠷ ᠨᠢ
ᠬᠠᠮᠤᠭ ᠴᠡᠴᠡᠭᠡᠰ ᠬᠠᠷᠢᠭᠤᠯᠳᠠ ᠦᠭᠡᠶ ᠵᠤᠯᠭᠠᠷᠠᠳᠠᠭ ᠰᠢᠤ ᠳ᠋ᠠ
ᠬᠠᠭᠠᠷᠠᠬᠠᠢ ᠳᠤᠯᠢᠨ ᠳᠤ ᠵᠢᠰᠤ ᠪᠠᠨ ᠳᠤᠯᠢᠳᠠᠪᠠᠯ
ᠬᠠᠢ᠌ᠷ᠎ᠠ ᠶᠢᠨ ᠰᠠᠢ᠌ᠬᠠᠨ ᠵᠢᠰᠤ ᠡᠪᠳᠡᠷᠡᠳᠡᠭ᠌ ᠰᠢᠤ ᠳ᠋ᠠ
ᠬᠠᠢ᠌ᠷ᠎ᠠ ᠶᠢᠨ ᠴᠢᠨᠢ ᠬᠠᠷᠠᠴᠠ ᠪᠣᠯᠤᠭ ︕
ᠬᠠᠷᠠᠴᠠᠨ ᠤ ᠴᠢᠨᠢ ᠭᠠᠷᠤᠵᠠ ᠨᠢ ᠪᠠᠢ᠌ᠭ ︕
ᠥᠮᠦᠭᠯᠡᠵᠤ ᠪᠢᠴᠢᠭ᠍ᠰᠡᠨ ᠰᠢᠯᠦᠭ᠌
᠊᠊᠊᠊᠊᠊᠊᠊᠊᠊᠊᠊᠊᠊᠊ ᠦᠪᠡᠷ ᠢ ᠪᠠᠨ ᠦᠷᠤᠪᠳᠤᠵᠤ
ᠦᠨᠡᠨ ᠤ ᠲᠦᠯᠦᠭᠡ
ᠥᠮᠦᠭᠯᠡᠵᠤ ᠪᠢᠴᠢᠭ᠍ᠰᠡᠨ ᠰᠢᠯᠦᠭ᠌
ᠡᠷᠡᠴᠦᠳ ᠡ ︕
ᠭᠡᠦᠭᠡᠨ ᠭᠦᠮᠤᠨ ᠢ ᠳᠠ ᠨᠡᠷ ᠭᠦᠡᠳᠦᠯᠡᠭᠦ ᠶᠢ ᠪᠠᠭ᠎ᠠ ᠴᠡᠭᠡᠷᠯᠡ ︕
ᠭᠡᠦᠭᠡᠨ ᠭᠦᠮᠤᠨ ᠢ ᠭᠡᠳᠤ ᠭᠦᠡᠳᠦᠯᠡᠵᠤ ᠴᠢᠳᠠᠭᠰᠠᠨ ᠭᠦᠮᠤᠨ ᠦᠪᠡᠷ ᠶᠢᠡᠨ ᠭᠡᠦᠭᠡᠨ ᠭᠦᠮᠤᠨ ᠳᠤ ᠦᠨᠡᠨ ᠰᠡᠳᠭᠢᠯ ᠡᠴᠡ ᠪᠠᠨ 《᠁ ᠬᠠᠢ᠌ᠷᠠᠯᠠᠯᠴᠠᠶᠠ ︕ ᠳᠤᠷᠠᠯᠠᠯᠴᠠᠶᠠ ︕》 ᠭᠡᠳᠡᠭ᠌ ᠰᠠᠨᠠᠭ᠎ᠠ ᠪᠠᠨ ᠯᠠᠪ ᠭᠢᠯᠪᠠᠷ ᠶᠢᠡᠷ ᠢᠯᠡᠳᠭᠡᠵᠤ ᠴᠢᠳᠠᠬᠤ ᠦᠭᠡᠶ ᠭᠠᠵᠠᠷᠳᠠᠭᠤᠯᠬᠤ ᠪᠣᠢ ᠳ᠋ᠠ ⁈
ᠬᠠᠷᠢᠨ ᠦᠪᠡᠷ ᠢ ᠪᠠᠨ ᠠᠷᠭᠠᠳᠠᠬᠤ ᠶᠢ ᠰᠤᠷ ︕
᠁ ᠦᠪᠡᠷ ᠢ ᠪᠠᠨ ᠠᠷᠭᠠᠳᠠᠵᠤ ᠪᠠᠢ᠌ᠭᠰᠠᠭᠠᠷ ᠦᠷᠦᠭᠡᠯ ᠪᠣᠰᠤᠳ ᠢ ᠪᠢᠳᠡᠭᠡᠢ ᠠᠯᠪᠠᠳᠠᠴᠢᠬᠠ ︕
ᠴᠠᠭᠠᠳᠠᠭᠢ ᠴᠢᠨᠢ ᠡᠮᠵᠡᠭ᠌ ᠰᠡᠳᠭᠢᠯ ᠤᠨ ᠲᠤᠢ᠌ᠯ ᠪᠠᠢ᠌ᠵᠤ ᠮᠠᠭᠠᠤᠨ ᠦᠭᠡᠶ ᠰᠢᠤ ⁈
ᠢᠨᠠᠭ ᠤᠨ ᠰᠡᠳᠭᠢᠯ ᠳᠤ ᠨᠢᠯᠬᠠᠷᠠᠭᠰᠠᠨ ᠡᠷᠡᠴᠦᠳ ᠮᠠᠨᠢ
ᠢᠨᠠᠭ ᠦᠬᠢᠨ ᠶᠢᠡᠨ 《ᠬᠠᠢ᠌ᠷ᠎ᠠ ᠶᠢᠨ ᠴᠡᠴᠡᠭ᠌》 ᠪᠣᠯᠭᠠᠨ
ᠬᠠᠢ᠌ᠷᠠᠯᠠᠳᠠᠭ ᠶᠤᠮ ᠪᠣᠯ ᠬᠠᠢ᠌ᠷ᠎ᠠ ᠪᠠᠨ ᠥᠭ᠍ᠴᠤ ᠭᠦᠷᠳᠡᠭᠡᠵᠤ ᠬᠠᠢ᠌ᠷᠠᠯᠠ ︕
ᠬᠠᠯᠠᠮᠵᠢᠯᠠᠳᠠᠭ ᠶᠤᠮ ᠪᠣᠯ ᠬᠠᠯᠠ ᠠᠮᠰᠠᠭᠤᠯᠬᠤ ᠦᠭᠡᠶ ᠶᠢᠨ ᠲᠦᠯᠦᠭᠡ ᠪᠣᠳᠤᠯᠭᠢᠯᠠᠵᠤ ᠬᠠᠯᠠᠮᠵᠢᠯᠠᠮᠤ ⁈
2011 ᠣᠨ ᠤ 11 ᠰᠠᠷ᠎ᠠ
ᠬᠦᠬᠡᠬᠤᠲᠠᠨ᠎ᠡ
ᠵᠤᠬᠢᠶᠠᠭᠴᠢ ᠶᠢᠨ ᠬᠠᠶᠢᠭ ᠄ ᠬᠦᠬᠡᠬᠤᠲᠠ ᠦᠨᠳᠦᠰᠦᠳᠠᠨ ᠤ ᠳᠡᠭᠡᠳᠤ ᠰᠤᠷᠭᠠᠭᠤᠯᠢ ᠶᠢᠨ ᠰᠤᠨᠢᠨ ᠮᠡᠳᠡᠭᠡᠨ ᠤ ᠰᠠᠯᠪᠣᠷᠢ ᠵᠢᠨ 2009 ᠣᠨ ᠰᠤᠷᠪᠣᠯᠵᠢᠯᠭ᠎ᠠ ᠨᠠᠢ᠌ᠷᠠᠭᠤᠯᠭ᠎ᠠ ᠶᠢᠨ ᠠᠩᠭᠢ
ᠵᠤᠬᠢᠶᠠᠭᠴᠢ᠄ ᠬᠦᠷᠡᠯᠤ᠋ᠨᠢᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2635
ᠴᠠᠭ᠄ 2011 ᠤᠨ ᠤ 11 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ